ᠴᠠ᠊ ᠬᠥ᠊ ᠬᠠ᠊ ᠬᠣ᠊ ᠶᠠ᠊ ᠂ 《ᠤᠷᠲᠤ ᠬᠤᠭᠤᠴᠠᠭᠠᠨ ᠤ ᠬᠥᠭᠵᠢᠯ ᠦᠨ ᠪᠣᠳᠣᠯᠭ᠎ᠠ᠂ ᠴᠠᠬᠢᠮ ᠰᠢᠯᠵᠢᠯᠲᠡ-᠒᠐᠒᠒》 ᠹᠣᠷᠣᠮ ᠢ ᠬᠠᠮᠲᠤᠷᠠᠨ ᠵᠣᠬᠢᠶᠠᠨ ᠪᠠᠶᠢᠭᠤᠯᠤᠯ᠎ᠠ


ᠮᠣᠩᠭᠣᠯ ᠤᠯᠤᠰ ᠤᠨ ᠶᠡᠷᠦᠩᠬᠡᠢ ᠰᠠᠶᠢᠳ ᠤᠨ ᠠᠵᠢᠯ ᠤᠨ ᠠᠯᠪᠠ᠂ ᠴᠠ᠊ ᠬᠥ᠊ ᠬᠠ᠊ ᠬᠣ᠊ ᠶᠠ᠊᠂ ᠤᠳᠤᠷᠢᠳᠤᠯᠭ᠎ᠠ ᠶᠢᠨ ᠠᠺᠠᠳᠧᠮᠢ᠂ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠲᠥᠷᠦ ᠶᠢᠨ ᠵᠠᠬᠢᠷᠭᠠᠨ ᠤ ᠢᠨᠰᠲ᠋ᠢᠲ᠋ᠦᠶᠢᠲ (KIPA) ᠬᠠᠮᠲᠤᠷᠠᠨ 《ᠤᠷᠲᠤ ᠬᠤᠭᠤᠴᠠᠭᠠᠨ ᠤ ᠬᠥᠭᠵᠢᠯ ᠦᠨ ᠪᠣᠳᠣᠯᠭ᠎ᠠ᠂ ᠴᠠᠬᠢᠮ ᠰᠢᠯᠵᠢᠯᠲᠡ-᠒᠐᠒᠒》 ᠰᠡᠳᠦᠪᠲᠦ ᠹᠣᠷᠣᠮ ᠢ ᠲᠠᠩᠬᠢᠮ ᠪᠣᠯᠤᠨ ᠵᠠᠢ ᠶᠢᠨ ᠬᠣᠣᠰᠯᠠᠭᠰᠠᠨ ᠬᠡᠯᠪᠡᠷᠢ ᠪᠡᠷ ᠵᠣᠬᠢᠶᠠᠨ ᠪᠠᠶᠢᠭᠤᠯᠤᠯ᠎ᠠ᠃

《ᠠᠯᠤᠰ ᠤᠨ ᠬᠠᠷᠠᠭ᠎ᠠ-2050》 ᠮᠣᠩᠭᠣᠯ ᠤᠯᠤᠰ ᠤᠨ ᠤᠷᠲᠤ ᠬᠤᠭᠤᠴᠠᠭᠠᠨ ᠤ ᠬᠥᠭᠵᠢᠯ ᠦᠨ ᠪᠣᠳᠣᠯᠭ᠎ᠠ ᠳᠤ ᠲᠤᠰᠬᠠᠭᠳᠠᠭᠰᠠᠨ 《ᠴᠠᠬᠢᠮ ᠦᠨᠳᠦᠰᠦᠲᠡᠨ》 ᠪᠣᠯᠬᠤ ᠵᠣᠷᠢᠯᠲᠠ ᠶᠢᠨ ᠳᠠᠭᠠᠤ ᠴᠠᠬᠢᠮ ᠰᠢᠯᠵᠢᠯᠲᠡ ᠶᠢᠨ ᠦᠢᠯᠡ ᠠᠵᠢᠯᠯᠠᠭ᠎ᠠ ᠶᠢ ᠳᠡᠮᠵᠢᠬᠦ ᠵᠣᠷᠢᠯᠭ᠎ᠠ ᠪᠦᠬᠦᠢ ᠤᠭ ᠹᠣᠷᠣᠮ ᠳᠤ ᠲᠥᠷᠥ᠂ ᠬᠤᠪ ᠤᠨ ᠬᠡᠪᠰᠢᠯ᠂ ᠢᠷᠭᠡᠨ ᠦ ᠨᠡᠶᠢᠭᠡᠮ ᠤᠨ ᠪᠠᠶᠢᠭᠤᠯᠤᠯᠭ᠎ᠠ ᠶᠢᠨ ᠨᠡᠶᠢᠲᠡ 800 ᠣᠷᠴᠢᠮ ᠲᠥᠯᠥᠭᠡᠯᠡᠯ ᠡᠴᠡ ᠲᠠᠩᠬᠢᠮ ᠢᠶᠠᠷ 100᠂ ᠴᠠᠬᠢᠮ ᠢᠶᠠᠷ 400 ᠲᠥᠯᠥᠭᠡᠯᠡᠯ ᠣᠷᠣᠯᠴᠠᠯ᠎ᠠ᠃

ᠹᠣᠷᠣᠮ ᠢ ᠨᠡᠭᠡᠭᠡᠵᠦ ᠮᠣᠩᠭᠣᠯ ᠤᠯᠤᠰ ᠤᠨ ᠶᠡᠷᠦᠩᠬᠡᠢ ᠰᠠᠶᠢᠳ ᠯ ∙ ᠣᠶᠤᠨ-ᠡᠷᠳᠡᠨᠢ᠂ ᠴᠠ᠊ ᠬᠥ᠊ ᠬᠠ᠊ ᠬᠣ᠊ ᠤ ᠰᠠᠶᠢᠳ ᠨ ∙ ᠤᠴᠠᠷᠠᠯ ᠪᠣᠯᠤᠨ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠡᠳ᠋ ᠍ ᠦᠨ ᠵᠠᠰᠠᠭ᠂ ᠬᠦᠮᠦᠨᠯᠢᠭ᠂ ᠰᠢᠨᠵᠢᠯᠡᠬᠦ ᠤᠬᠠᠭᠠᠨ ᠤ ᠦᠨᠳᠦᠰᠦᠨ ᠦ ᠰᠤᠳᠤᠯᠭᠠᠨ ᠤ ᠲᠥᠪ ᠦᠨ ᠵᠠᠬᠢᠷᠤᠯ᠂ ᠵᠦᠩ ᠬᠡ ᠭᠦ ᠨᠠᠷ ᠤᠨ ᠢᠯᠡᠭᠡᠯᠲᠡ ᠴᠠᠬᠢᠮ ᠢᠶᠠᠷ ᠲᠠᠨᠢᠯᠴᠠᠭᠤᠯᠤᠭᠳᠠᠵᠤ᠂ ᠰᠣᠯᠣᠩᠭᠣᠰ ᠤᠯᠤᠰ ᠤᠨ ᠵᠦᠭ ᠡᠴᠡ 4᠂ ᠮᠣᠩᠭᠣᠯ ᠤᠯᠤᠰ ᠤᠨ ᠬᠤᠪᠢ ᠳᠤ 3 ᠢᠯᠡᠳᠬᠡᠯ ᠲᠠᠯᠪᠢᠭᠳᠠᠰᠤᠨ ᠠᠴᠠ ᠴᠠ᠊ ᠬᠥ᠊ ᠬᠠ᠊ ᠬᠣ᠊ ᠤ ᠳᠡᠳ᠋ ᠰᠠᠶᠢᠳ ᠪ ∙ ᠪᠣᠯᠣᠷ-ᠡᠷᠳᠡᠨᠢ 《ᠤᠷᠲᠤ ᠬᠤᠭᠤᠴᠠᠭᠠᠨ ᠤ ᠬᠥᠭᠵᠢᠯ ᠦᠨ ᠪᠣᠳᠣᠯᠭ᠎ᠠ ᠶᠢᠨ ᠬᠦᠷᠢᠶᠡᠨ ᠳᠦ ᠴᠠᠬᠢᠮ ᠦᠨᠳᠦᠰᠦᠲᠡᠨ ᠵᠣᠷᠢᠯᠲᠠ》 ᠰᠡᠳᠦᠪᠲᠦ ᠢᠯᠡᠳᠬᠡᠯ ᠢ ᠲᠠᠩᠬᠢᠮ ᠢᠶᠠᠷ ᠢᠯᠡᠳᠬᠡᠭᠰᠡᠨ ᠶᠤᠮ᠃

ᠹᠣᠷᠣᠮ ᠢᠶᠠᠷ ᠲᠥᠷᠦ ᠶᠢᠨ ᠪᠠᠶᠢᠭᠤᠯᠤᠯᠭ᠎ᠠ ᠬᠣᠭᠣᠷᠣᠨᠳᠣ ᠶᠢᠨ ᠴᠠᠬᠢᠮ ᠬᠠᠷᠢᠯᠴᠠᠭᠠᠨ ᠤ ᠰᠢᠯᠵᠢᠯᠲᠡ᠂ ᠬᠥᠭᠵᠢᠯ ᠦᠨ ᠴᠢᠭ ᠬᠠᠨᠳᠤᠯᠭ᠎ᠠ᠂ ᠲᠥᠷᠦ ᠶᠢᠨ ᠪᠠᠶᠢᠭᠤᠯᠤᠯᠭ᠎ᠠ᠂ ᠢᠷᠭᠡᠳ ᠬᠣᠭᠣᠷᠣᠨᠳᠣ ᠶᠢᠨ ᠴᠠᠬᠢᠮ ᠬᠠᠷᠢᠯᠴᠠᠭᠠᠨ ᠳᠤ ᠡᠭᠦᠰᠴᠦ ᠪᠤᠢ ᠪᠡᠷᠬᠡᠰᠢᠶᠡᠯ᠂ ᠰᠢᠢᠳᠦᠯ᠂ ᠲᠥᠷᠦ ᠶᠢᠨ ᠪᠠᠶᠢᠭᠤᠯᠤᠯᠭ᠎ᠠ᠂ ᠬᠤᠪ ᠤᠨ ᠬᠡᠪᠰᠢᠯ ᠬᠣᠭᠣᠷᠣᠨᠳᠣ ᠶᠢᠨ ᠲᠥᠯᠦᠪ ᠪᠠᠶᠢᠳᠠᠯ᠂ ᠲᠡᠭᠦᠨ ᠦ ᠬᠦᠷᠢᠶᠡᠨ ᠳᠦ ᠭᠠᠷᠴᠤ ᠪᠤᠢ ᠳᠠᠪᠠᠭᠤ᠂ ᠰᠤᠯᠠ ᠲᠠᠯ᠎ᠠ ᠨᠤᠭᠤᠳ᠂ ᠲᠥᠷᠦ ᠶᠢᠨ ᠪᠠᠶᠢᠭᠤᠯᠤᠯᠭ᠎ᠠ᠂ ᠲᠥᠷᠦ ᠶᠢᠨ ᠪᠤᠰᠤ ᠪᠠᠶᠢᠭᠤᠯᠤᠯᠭ᠎ᠠ ᠬᠣᠭᠣᠷᠣᠨᠳᠣ ᠶᠢᠨ ᠴᠠᠬᠢᠮ ᠬᠠᠷᠢᠯᠴᠠᠭᠠᠨ ᠳᠤ ᠤᠴᠢᠷᠴᠢ ᠪᠤᠢ ᠰᠣᠷᠢᠯᠲᠠ᠂ ᠪᠣᠯᠤᠮᠵᠢ ᠵᠡᠷᠭᠡ ᠠᠭᠤᠯᠭ᠎ᠠ ᠪᠠᠷ ᠮᠣᠩᠭᠣᠯ᠂ ᠰᠣᠯᠣᠩᠭᠣᠰ᠂ ᠰᠢᠩᠭᠠᠫᠦᠷ ᠤᠯᠤᠰ ᠤᠨ ᠰᠠᠶᠢᠨ ᠲᠤᠷᠰᠢᠯᠭ᠎ᠠ ᠪᠠᠷ ᠣᠨᠣᠯ᠂ ᠠᠷᠭ᠎ᠠ ᠵᠦᠢ ᠶᠢᠨ ᠢᠯᠡᠳᠬᠡᠯ ᠦᠳ ᠲᠠᠯᠪᠢᠭᠳᠠᠵᠤ᠂ ᠡᠯ᠎ᠡ ᠰᠡᠳᠦᠪ ᠦᠳ ᠦᠨ ᠬᠦᠷᠢᠶᠡᠨ ᠳᠦ ᠬᠡᠯᠡᠯᠴᠡᠭᠦᠯᠭᠡ ᠥᠷᠨᠢᠭᠦᠯᠵᠦ᠂ ᠰᠠᠨᠠᠯ ᠰᠣᠯᠢᠯᠴᠠᠯ᠎ᠠ᠃

《ᠤᠷᠲᠤ ᠬᠤᠭᠤᠴᠠᠭᠠᠨ ᠤ ᠬᠥᠭᠵᠢᠯ ᠦᠨ ᠪᠣᠳᠣᠯᠭ᠎ᠠ᠂ ᠴᠠᠬᠢᠮ ᠰᠢᠯᠵᠢᠯᠲᠡ-2022》 ᠹᠣᠷᠣᠮ ᠳᠤ ᠬᠡᠯᠡᠯᠴᠡᠭᠰᠡᠨ ᠢᠯᠡᠳᠬᠡᠯ ᠦᠳ ᠢ ᠡᠮᠬᠢᠳᠬᠡᠨ 《ᠲᠥᠷᠥ ᠶᠢᠨ ᠤᠳᠤᠷᠢᠳᠤᠯᠭ᠎ᠠ ᠰᠡᠳᠬᠦᠯ》 ᠍ ᠶᠢᠨ ᠲᠤᠰᠬᠠᠢ ᠳ᠋ᠤᠭᠠᠷ ᠭᠠᠷᠭᠠᠬᠤ ᠶᠤᠮ᠃

ᠨᠡᠶᠢᠲᠡᠯᠡᠭᠰᠡᠨ᠄