《ᠲᠥᠷᠦ ᠡᠴᠡ ᠢᠷᠭᠡᠨ᠂ ᠬᠠᠤᠯᠢ ᠶᠢᠨ ᠡᠲᠡᠭᠡᠳ ᠲᠦ ᠦᠢᠯᠡᠴᠢᠯᠡᠭᠡ ᠦᠵᠡᠭᠦᠯᠬᠦ ᠨᠡᠶᠢᠲᠡᠯᠢᠭ ᠰᠲ᠋ᠠᠨᠳᠠᠷᠲ》 ᠪᠣᠯᠪᠠᠰᠤᠷᠠᠭᠤᠯᠤᠨ᠎ᠠ


ᠮᠣᠩᠭᠣᠯ ᠤᠯᠤᠰ ᠤᠨ ᠰᠢᠳᠠᠷ ᠰᠠᠶᠢᠳ ᠰ ∙ ᠠᠮᠤᠷᠰᠠᠶᠢᠬᠠᠨ᠂ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠰᠠᠶᠢᠳ ᠨ ∙ ᠤᠴᠠᠷᠠᠯ ᠨᠠᠷ ᠬᠠᠮᠲᠤᠷᠠᠭᠰᠠᠨ ᠲᠤᠰᠢᠶᠠᠯ ᠭᠠᠷᠭᠠᠵᠤ᠂ 《ᠲᠥᠷᠦ ᠡᠴᠡ ᠢᠷᠭᠡᠨ᠂ ᠬᠠᠤᠯᠢ ᠶᠢᠨ ᠡᠲᠡᠭᠡᠳ ᠲᠦ ᠦᠢᠯᠡᠴᠢᠯᠡᠭᠡ ᠦᠵᠡᠭᠦᠯᠬᠦ ᠨᠡᠶᠢᠲᠡᠯᠢᠭ ᠰᠲ᠋ᠠᠨᠳᠠᠷᠲ》 ᠍ ᠢ ᠪᠣᠯᠪᠠᠰᠤᠷᠠᠭᠤᠯᠬᠤ ᠡᠭᠦᠷᠭᠡ ᠪᠦᠬᠦᠢ ᠠᠵᠢᠯ ᠤᠨ ᠬᠡᠰᠡᠭ ᠪᠠᠶᠢᠭᠤᠯᠤᠯ᠎ᠠ᠃

ᠲᠤᠰ ᠰᠲ᠋ᠠᠨᠳᠠᠷᠲ ᠢ ᠪᠠᠲᠤᠯᠠᠭᠰᠠᠨ ᠢᠶᠠᠷ ᠢᠷᠭᠡᠳ ᠲᠦ ᠦᠵᠡᠭᠦᠯᠵᠦ ᠪᠤᠢ ᠲᠥᠷᠦ ᠶᠢᠨ ᠦᠢᠯᠡᠴᠢᠯᠡᠭᠡᠨ ᠦ ᠴᠢᠨᠠᠷ᠂ ᠬᠦᠷᠲᠡᠭᠡᠮᠵᠢ ᠶᠢ ᠨᠡᠮᠡᠭᠳᠡᠭᠦᠯᠬᠦ᠂ ᠦᠢᠯᠡᠴᠢᠯᠡᠭᠡᠨ ᠦ ᠰᠢᠲᠠ ᠳᠠᠮᠵᠢᠯᠭ᠎ᠠ ᠶᠢ ᠪᠠᠭᠠᠰᠭᠠᠬᠤ᠂ ᠲᠥᠷᠦ ᠶᠢᠨ ᠦᠢᠯᠡᠴᠢᠯᠡᠭᠡ ᠶᠢ ᠴᠠᠬᠢᠮ ᠬᠡᠯᠪᠡᠷᠢ ᠳᠦ ᠦᠶ᠎ᠡ ᠱᠠᠲᠤ ᠲᠠᠢ ᠰᠢᠯᠵᠢᠭᠦᠯᠬᠦ ᠠᠵᠢᠯ ᠤᠳ ᠬᠢᠨ᠎ᠡ᠃ ᠮᠥᠨ ᠰᠠᠯᠪᠤᠷᠢ ᠳᠤ ᠮᠥᠷᠳᠡᠭᠳᠡᠵᠦ ᠪᠠᠶᠢᠭ᠎ᠠ ᠰᠲ᠋ᠠᠨᠳᠠᠷᠲ ᠤᠨ ᠬᠡᠷᠡᠭᠵᠢᠯᠲᠡ ᠶᠢ ᠬᠠᠩᠭᠠᠬᠤ᠂ ᠣᠯᠠᠨ ᠤᠯᠤᠰ ᠤᠨ ᠬᠥᠭᠵᠢᠯ ᠦᠨ ᠴᠢᠭ ᠬᠠᠨᠳᠤᠯᠭ᠎ᠠ᠂ ᠲᠧᠭᠨᠢᠭ ᠲᠧᠭᠨᠣᠯᠣᠭᠢ ᠶᠢᠨ ᠳᠡᠪᠰᠢᠯ ᠲᠡᠢ ᠤᠶᠠᠯᠳᠤᠭᠤᠯᠤᠨ 《ᠲᠥᠷᠥ ᠡᠴᠡ ᠢᠷᠭᠡᠨ᠂ ᠬᠠᠤᠯᠢ ᠶᠢᠨ ᠡᠲᠡᠭᠡᠳ ᠲᠦ ᠦᠢᠯᠡᠴᠢᠯᠡᠭᠡ ᠦᠵᠡᠭᠦᠯᠬᠦ ᠨᠡᠶᠢᠲᠡᠯᠢᠭ ᠰᠲ᠋ᠠᠨᠳᠠᠷᠲ》 ᠍ ᠢ ᠲᠤᠬᠠᠢ ᠪᠦᠷᠢ ᠨᠢ ᠰᠢᠨᠡᠴᠢᠯᠡᠨ ᠪᠣᠯᠪᠠᠰᠤᠷᠠᠭᠤᠯᠬᠤ ᠶᠤᠮ᠃

ᠨᠡᠶᠢᠲᠡᠯᠡᠭᠰᠡᠨ᠄