ᠳᠣᠫᠧᠩ ᠤᠨ ᠡᠰᠡᠷᠡᠭ ᠦᠢᠯᠡ ᠠᠵᠢᠯᠯᠠᠭ᠎ᠠ ᠊ᠢᠢ ᠡᠷᠴᠢᠮᠵᠢᠭᠦᠯᠬᠦ ᠱᠠᠭᠠᠷᠳᠠᠯᠭ᠎ᠠ ᠲᠠᠢ


ᠠᠪᠯᠢᠭᠠ ᠊ᠢᠢᠨ ᠡᠰᠡᠷᠡᠭ 《᠕ᠱ》 ᠠᠵᠢᠯᠯᠠᠭᠠᠨ ᠊ᠤ 《ᠱᠦᠭᠯᠦ》 ᠠᠵᠢᠯᠯᠠᠭ᠎ᠠ ᠊ᠢᠢ ᠬᠡᠷᠡᠭᠵᠢᠭᠦᠯᠬᠦ ᠠᠵᠢᠯ ᠤᠨ ᠬᠡᠰᠡᠭ ᠒᠐᠒᠓ ᠣᠨ ᠊ᠤ ᠐᠕ ᠳ᠋ᠤᠭᠠᠷ ᠰᠠᠷ᠎ᠠ ᠊ᠢᠢᠨ ᠐᠔ ᠍ ᠊ᠤ ᠡᠳᠦᠷ ᠮᠣᠩᠭᠣᠯ ᠤᠨ ᠦᠨᠳᠦᠰᠦᠨ ᠊ᠤ ᠳᠣᠫᠧᠩ ᠤᠨ ᠡᠰᠡᠷᠡᠭ ᠪᠠᠶᠢᠭᠤᠯᠤᠯᠭ᠎ᠠ᠂ ᠮᠣᠩᠭᠣᠯ ᠤᠨ ᠦᠨᠳᠦᠰᠦᠨ ᠊ᠤ ᠪᠥᠬᠡ ᠊ᠢᠢᠨ ᠬᠣᠯᠪᠣᠭᠠᠨ ᠊ᠳᠤ ᠠᠵᠢᠯᠯᠠᠭᠰᠠᠨ᠃

ᠡᠯ᠎ᠡ ᠪᠠᠶᠢᠭᠤᠯᠤᠯᠭ᠎ᠠ ᠨᠤᠭᠤᠳ ᠲᠤ ᠠᠵᠢᠯᠯᠠᠬᠤ ᠦᠶ᠎ᠡ ᠪᠡᠷ ᠡᠭᠦᠰᠦᠭᠰᠡᠨ ᠠᠰᠠᠭᠤᠳᠠᠯ ᠤᠨ ᠬᠦᠷᠢᠶᠡᠨ ᠊ᠳᠦ ᠮᠣᠩᠭᠣᠯ ᠤᠯᠤᠰ ᠲᠤ ᠳᠣᠫᠧᠩ ᠤᠨ ᠡᠰᠡᠷᠡᠭ ᠦᠢᠯᠡ ᠠᠵᠢᠯᠯᠠᠭ᠎ᠠ ᠊ᠢᠢ ᠡᠷᠴᠢᠮᠵᠢᠭᠦᠯᠬᠦ᠂ ᠢᠷᠭᠡᠳ᠂ ᠣᠯᠠᠨ ᠨᠡᠶᠢᠲᠡ ᠊ᠳᠦ ᠢᠯᠡ ᠲᠣᠳᠣ᠂ ᠦᠨᠡᠨ᠂ ᠵᠥᠪ ᠮᠡᠳᠡᠭᠡᠯᠡᠯ ᠬᠦᠷᠭᠡᠬᠦ᠂ ᠠᠰᠠᠭᠤᠳᠠᠯ ᠢ ᠨᠢᠭᠲᠠᠯᠠᠬᠤ᠂ ᠰᠢᠢᠳᠪᠦᠷᠢᠯᠡᠬᠦ ᠵᠣᠷᠢᠯᠭ᠎ᠠ ᠪᠠᠷ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠡᠴᠠ ᠰᠠᠨᠠᠭᠠᠴᠢᠯᠠᠨ᠂ ᠬᠠᠤᠯᠢ ᠵᠦᠢ ᠳᠣᠲᠣᠭᠠᠳᠤ ᠬᠡᠷᠡᠭ ᠤᠨ ᠶᠠᠮᠤ ᠲᠠᠢ ᠬᠠᠮᠲᠤᠷᠠᠨ 《ᠳᠣᠫᠠᠨ ᠢ ᠪᠠ ᠰᠫᠣᠷᠲ ᠤᠨ ᠠᠪᠯᠢᠭᠠ》 ᠰᠡᠳᠦᠪᠲᠦ ᠨᠡᠭᠡᠭᠡᠯᠲᠡ ᠲᠡᠢ ᠬᠡᠯᠡᠯᠴᠡᠭᠦᠯᠭᠡ ᠊ᠢᠢ ᠥᠨᠥᠳᠥᠷ /᠒᠐᠒᠓.᠐᠕.᠑᠒/ ᠵᠣᠬᠢᠶᠠᠨ ᠪᠠᠶᠢᠭᠤᠯᠵᠤ ᠪᠠᠶᠢᠨ᠎ᠠ᠃

ᠬᠡᠯᠡᠯᠴᠡᠭᠦᠯᠭᠡ ᠳᠦ ᠠᠪᠯᠢᠭᠠ ᠲᠠᠢ ᠲᠡᠮᠡᠴᠡᠬᠦ ᠭᠠᠵᠠᠷ᠂ ᠮᠣᠩᠭᠣᠯ ᠤᠨ ᠦᠨᠳᠦᠰᠦᠨ ᠊ᠤ ᠣᠯᠢᠮᠫ ᠤᠨ ᠬᠣᠷᠢᠶ᠎ᠠ᠂ ᠮᠣᠩᠭᠣᠯ ᠤᠨ ᠣ᠊ ᠤ᠊ ᠍᠊ᠢᠢᠨ ᠪᠠ ᠦᠨᠳᠦᠰᠦᠨ ᠊ᠤ ᠰᠫᠣᠷᠲ ᠤᠨ ᠠᠷᠪᠢᠲ᠋ᠧᠷ ᠤᠨ ᠬᠣᠯᠪᠣᠭ᠎ᠠ᠂ ᠮᠣᠩᠭᠣᠯ ᠤᠨ ᠦᠨᠳᠦᠰᠦᠨ ᠊ᠤ ᠪᠥᠬᠡ ᠊ᠢᠢᠨ ᠬᠣᠯᠪᠣᠭ᠎ᠠ᠂ ᠮᠣᠩᠭᠣᠯ ᠤᠨ ᠦᠨᠳᠦᠰᠦᠨ ᠊ᠤ ᠳᠣᠫᠧᠩ ᠤᠨ ᠡᠰᠡᠷᠡᠭ ᠪᠠᠶᠢᠭᠤᠯᠤᠯᠭ᠎ᠠ ᠊ᠢᠢᠨ ᠨᠡᠶᠢᠲᠡ ᠓᠐ ᠣᠷᠴᠢᠮ ᠲᠥᠯᠥᠭᠡᠯᠡᠯ ᠣᠷᠣᠯᠴᠠᠵᠤ᠂ ᠳᠠᠷᠠᠭᠠᠬᠢ ᠰᠡᠳᠦᠪ ᠤᠳ ᠊ᠢᠢᠡᠷ ᠢᠯᠡᠳᠬᠡᠯ᠂ ᠲᠠᠨᠢᠯᠴᠠᠭᠤᠯᠭ᠎ᠠ ᠬᠢᠵᠦ᠂ ᠬᠡᠯᠡᠯᠴᠡᠭᠦᠯᠭᠡ ᠥᠷᠨᠢᠭᠦᠯᠵᠦ ᠪᠠᠶᠢᠨ᠎ᠠ᠃

ᠬᠠᠤᠯᠢ ᠵᠦᠢ᠂ ᠳᠣᠲᠣᠭᠠᠳᠤ ᠬᠡᠷᠡᠭ ᠤᠨ ᠳᠡᠳ᠋ ᠰᠠᠶᠢᠳ ᠪ ∙ ᠰᠣᠯᠣᠩᠭ᠎ᠠ 《ᠳᠣᠫᠠᠨ ᠢ ᠪᠠ ᠰᠫᠣᠷᠲ ᠤᠨ ᠠᠪᠯᠢᠭᠠ》

ᠮᠣᠩᠭᠣᠯ ᠤᠨ ᠦᠨᠳᠦᠰᠦᠨ ᠊ᠤ ᠣᠯᠢᠮᠫ ᠤᠨ ᠬᠣᠷᠢᠶᠠᠨ ᠊ᠤ ᠳᠡᠳ᠋ ᠶᠡᠷᠦᠩᠬᠡᠶᠢᠯᠡᠭᠴᠢ ᠣ᠊ ∙ ᠣᠳᠪᠠᠶᠠᠷ 《ᠣᠯᠢᠮᠫ ᠤᠨ ᠣᠷᠣᠯᠴᠠᠭ᠎ᠠ ᠪᠠ ᠳᠣᠫᠠᠨ ᠢ》

ᠠᠪᠯᠢᠭᠠ ᠲᠠᠢ ᠲᠡᠮᠡᠴᠡᠬᠦ ᠭᠠᠵᠠᠷ ᠤᠨ ᠳᠡᠳ᠋ ᠳᠠᠷᠤᠭ᠎ᠠ ᠭ ∙ ᠠᠵᠠᠵᠢᠷᠭᠠᠯ 《ᠰᠫᠣᠷᠲ ᠤᠨ ᠠᠪᠯᠢᠭᠠ ᠲᠠᠢ ᠲᠡᠮᠡᠴᠡᠬᠦ ᠡᠷᠬᠡ ᠵᠦᠢ ᠊ᠢᠢᠨ ᠣᠷᠴᠢᠨ ᠢ ᠪᠣᠯᠪᠠᠰᠤᠷᠠᠩᠭᠤᠢ ᠪᠣᠯᠭᠠᠬᠤ ᠨᠢ》

ᠮᠣᠩᠭᠣᠯ ᠤᠨ ᠦᠨᠳᠦᠰᠦᠨ ᠊ᠤ ᠳᠣᠫᠧᠩ ᠦᠨ ᠡᠰᠡᠷᠡᠭ ᠪᠠᠶᠢᠭᠤᠯᠤᠯᠭ᠎ᠠ ᠊ᠢᠢᠨ ᠭᠦᠢᠴᠡᠳᠭᠡᠬᠦ ᠵᠠᠬᠢᠷᠤᠯ ᠳ ∙ ᠮᠥᠩᠬᠡᠪᠣᠯᠤᠳ 《ᠳᠣᠫᠧᠩ ᠤᠨ ᠰᠢᠨᠵᠢᠯᠡᠭᠡ ᠠᠪᠬᠤ ᠦᠢᠯᠡ ᠶᠠᠪᠤᠴᠠ ᠪᠠ ᠢᠯᠡ ᠲᠣᠳᠣ ᠪᠠᠶᠢᠳᠠᠯ》

ᠮᠣᠩᠭᠣᠯ ᠤᠨ ᠦᠨᠳᠦᠰᠦᠨ ᠊ᠤ ᠪᠥᠬᠡ ᠶᠢᠨ ᠬᠣᠯᠪᠣᠭᠠᠨ ᠊ᠤ ᠲᠡᠷᠢᠭᠦᠨ ᠼ ∙ ᠮᠠᠭᠠᠯᠵᠢᠪ 《ᠳᠣᠫᠧᠩ ᠦᠨ ᠡᠷᠦᠰᠳᠡᠯ ᠪᠠ ᠢᠷᠡᠭᠡᠳᠦᠢ》

ᠮᠣᠩᠭᠣᠯ ᠤᠨ ᠤ᠊ ᠤ᠊ ᠍ ᠊ᠢᠢᠨ ᠪᠠ ᠦᠨᠳᠦᠰᠦᠨ ᠊ᠤ ᠰᠫᠣᠷᠲ ᠤᠨ ᠠᠷᠪᠢᠲ᠋ᠷ ᠤᠨ ᠬᠣᠯᠪᠣᠭᠠᠨ ᠊ᠤ ᠲᠡᠷᠢᠭᠦᠨ ᠭ ∙ ᠪᠠᠲᠤᠽᠠᠶ᠎ᠠ 《ᠳᠣᠫᠧᠩ ᠤᠨ ᠡᠰᠡᠷᠡᠭ ᠣᠯᠠᠨ ᠤᠯᠤᠰ ᠤᠨ ᠲᠤᠷᠰᠢᠯᠭ᠎ᠠ》

ᠬᠡᠯᠡᠯᠴᠡᠭᠦᠯᠭᠡ ᠡᠴᠡ ᠭᠠᠷᠤᠭᠰᠠᠨ ᠰᠠᠨᠠᠯ᠂ ᠳ᠋ᠦᠩᠨᠡᠯᠲᠡ ᠊ᠳᠦ ᠦᠨᠳᠦᠰᠦᠯᠡᠨ ᠬᠠᠷᠢᠭᠤᠴᠠᠯᠭ᠎ᠠ ᠊ᠢᠢᠨ ᠲᠣᠭᠲᠠᠯᠴᠠᠭ᠎ᠠ ᠊ᠢᠢ ᠪᠣᠯᠪᠠᠰᠤᠷᠠᠩᠭᠤᠢ ᠪᠣᠯᠭᠠᠬᠤ᠂ ᠰᠫᠣᠷᠲ ᠤᠨ ᠠᠪᠯᠢᠭᠠ ᠢ ᠲᠠᠰᠤᠯᠤᠨ ᠵᠣᠭᠰᠣᠭᠠᠬᠤ ᠊ᠳᠤ ᠱᠠᠭᠠᠷᠳᠠᠯᠭ᠎ᠠ ᠲᠠᠢ ᠬᠠᠤᠯᠢ᠂ ᠡᠷᠬᠡ ᠵᠦᠢ ᠊ᠢᠢᠨ ᠣᠷᠴᠢᠨ ᠢ ᠪᠦᠷᠢᠳᠦᠭᠦᠯᠬᠦ᠂ ᠲᠥᠰᠥᠯ ᠪᠣᠯᠪᠠᠰᠤᠷᠠᠭᠤᠯᠵᠤ᠂ ᠰᠤᠳᠤᠯᠭ᠎ᠠ ᠬᠢᠬᠦ ᠬᠣᠯᠪᠣᠭᠳᠠᠬᠤ ᠭᠠᠷᠴᠠ ᠰᠢᠢᠳᠦᠯ ᠤᠨ ᠲᠠᠯ᠎ᠠ ᠪᠠᠷ ᠡᠷᠬᠡ ᠪᠦᠬᠦᠢ ᠪᠠᠶᠢᠭᠤᠯᠤᠯᠭ᠎ᠠ ᠊ᠳᠤ ᠤᠯᠠᠮᠵᠢᠯᠠᠨ ᠰᠢᠢᠳᠪᠦᠷᠢᠯᠡᠭᠦᠯᠬᠦ ᠶᠤᠮ᠃

ᠨᠡᠶᠢᠲᠡᠯᠡᠭᠰᠡᠨ᠄