《ᠰᠢᠯᠢᠨ》 ᠠᠵᠢᠯᠯᠠᠭ᠎ᠠ ᠡᠷᠡᠭᠦᠯ ᠠᠭᠠᠷ ᠰᠢᠭᠡ ᠨᠡᠶᠢᠭᠡᠮ ᠢ ᠪᠦᠲᠦᠭᠡᠨ᠎ᠡ


ᠰᠢᠯᠢᠨ ᠲᠥᠷᠦ᠂ ᠴᠠᠬᠢᠮ ᠰᠢᠯᠵᠢᠯᠲᠡ ᠊ᠳᠦ ᠲᠠᠨ ᠊ᠤ ᠣᠷᠣᠯᠴᠠᠭ᠎ᠠ ᠠᠭᠤᠯᠵᠠᠯᠲᠠ ᠊ᠢᠢᠨ ᠬᠡᠰᠡᠭ ᠡᠴᠡ᠄ (᠒᠐᠒᠓.᠐᠔.᠒᠓ ᠰᠦᠬᠡᠪᠠᠭᠠᠲᠤᠷ ᠳᠡᠭᠦᠷᠭᠡ)

ᠢᠷᠭᠡᠳ ᠡᠴᠡ ᠠᠰᠢᠭᠲᠤ ᠮᠠᠯᠲᠠᠮᠠᠯ ᠤᠨ ᠯᠢᠼᠧᠨᠽ ᠡᠵᠡᠮᠰᠢᠯ᠂ ᠭᠠᠵᠠᠷ ᠣᠯᠭᠣᠯᠲᠠ᠂ ᠪᠠᠷᠢᠯᠭ᠎ᠠ ᠊ᠢᠢᠨ ᠵᠥᠪᠰᠢᠶᠡᠷᠡᠯ᠂ ᠲᠤᠰᠬᠠᠢ ᠰᠠᠩᠭ᠎ᠠ ᠨᠤᠭᠤᠳ ᠲᠤ ᠤᠤ ᠪᠣᠯᠵᠤ ᠪᠤᠢ ᠶᠢ ᠮᠡᠳᠡᠬᠦ ᠬᠦᠰᠡᠯᠲᠡ ᠨᠦᠭᠦᠳ ᠢᠷᠡᠭᠰᠡᠭᠡᠷ ᠪᠠᠶᠢᠨ᠎ᠠ᠃ ᠨᠤᠲᠤᠭ ᠣᠷᠣᠨ ᠊ᠳᠤ ᠨᠢ ᠬᠡᠨ ᠊ᠤ ᠥᠮᠴᠢᠯᠡᠯ ᠤᠨ ᠺᠣᠮᠫᠠᠨᠢ ᠠᠭᠤᠷᠬᠠᠢ ᠨᠡᠭᠡᠭᠡᠵᠦ᠂ ᠭᠡᠷ ᠤᠨ ᠬᠢ ᠨᠢ ᠬᠠᠵᠠᠭᠤ ᠳᠤ ᠶᠠᠮᠠᠷ ᠺᠣᠮᠫᠠᠨᠢ ᠪᠠᠷᠢᠯᠭ᠎ᠠ ᠪᠠᠷᠢᠵᠤ᠂ ᠠᠯᠢ ᠪᠠᠶᠢᠭᠤᠯᠤᠯᠭ᠎ᠠ᠂ ᠺᠣᠮᠢᠰ ᠶᠠᠮᠠᠷ ᠦᠨᠳᠦᠰᠦᠯᠡᠯ ᠢᠶᠡᠷ ᠬᠡᠵᠢᠶ᠎ᠡ᠂ ᠬᠡᠷᠬᠢᠨ ᠵᠥᠪᠰᠢᠶᠡᠷᠡᠯ ᠣᠯᠭᠤᠭᠰᠠᠨ ᠢ ᠬᠠᠷᠠᠳᠠᠬᠤ ᠠᠴᠠ ᠢᠯᠡᠭᠦᠦ ᠬᠠᠷᠠᠬᠤ᠂ ᠮᠡᠳᠡᠬᠦ ᠨᠢ ᠢᠷᠭᠡᠳ ᠦᠨ ᠪᠣᠳᠠᠲᠤ ᠱᠠᠭᠠᠷᠳᠠᠯᠭ᠎ᠠ ᠶᠤᠮ᠃ ᠡᠨᠡ ᠱᠠᠭᠠᠷᠳᠠᠯᠭ᠎ᠠ ᠶᠢ 《ᠰᠢᠯᠢᠨ》 ᠠᠵᠢᠯᠯᠠᠭ᠎ᠠ ᠬᠠᠩᠭᠠᠨ᠎ᠠ᠃ ᠨᠢᠭᠤᠴᠠ ᠭᠡᠳ ᠪᠠᠶᠢᠳᠠᠭ ᠮᠡᠳᠡᠭᠡᠯᠡᠯ ᠦᠳ ᠢ ᠲᠧᠭᠨᠣᠯᠣᠭᠢ ᠶᠢᠨ ᠰᠢᠢᠳᠦᠯ ᠢᠶᠡᠷ ᠠᠯᠠᠭᠠᠨ ᠳᠡᠭᠡᠷ᠎ᠡ ᠲᠠᠯᠪᠢᠭᠰᠠᠨ ᠶᠤᠮ ᠰᠢᠭ ᠢᠯᠡ ᠲᠣᠳᠣ ᠪᠣᠯᠭᠠᠬᠤ 《ᠰᠢᠯᠢᠨ》 ᠠᠵᠢᠯᠯᠠᠭ᠎ᠠ ᠶᠢ ᠲᠠᠰᠤᠷᠠᠯᠲᠠ ᠦᠭᠡᠢ ᠦᠷᠭᠦᠯᠵᠢᠯᠡᠭᠦᠯᠦᠨ᠎ᠡ᠃

ᠼᠠ᠊ ᠬᠥ᠊ ᠬᠠ᠊ ᠬᠣ᠊ ᠍-᠊ᠤ ᠰᠠᠶᠢᠳ ᠨ ∙ ᠤᠴᠠᠷᠠᠯ᠄ ᠭᠠᠭᠴᠠᠬᠦ ᠢᠷᠭᠡᠳ ᠢᠯᠡ ᠲᠣᠳᠣ ᠪᠣᠯᠤᠭᠰᠠᠨ ᠮᠡᠳᠡᠭᠡᠯᠡᠯ ᠊ᠳᠦ ᠬᠢᠨᠠᠯᠲᠠ ᠲᠠᠯᠪᠢᠵᠤ᠂ ᠣᠷᠣᠯᠴᠠᠭ᠎ᠠ ᠲᠠᠢ ᠪᠠᠶᠢᠵᠤ ᠡᠷᠡᠭᠦᠯ ᠠᠭᠠᠷ ᠰᠢᠭ ᠨᠡᠶᠢᠭᠡᠮ ᠢ ᠪᠦᠲᠦᠭᠡᠯᠴᠡᠨ᠎ᠡ᠃

ᠰᠢᠯᠢᠨ ᠠᠵᠢᠯᠯᠠᠭᠠᠨ ᠊ᠤ ᠬᠦᠷᠢᠶᠡᠨ ᠊ᠳᠦ ᠨᠡᠶᠢᠰᠯᠡᠯ ᠤᠨ ᠙ ᠳᠡᠭᠦᠷᠭᠡ ᠊ᠢᠢᠨ ᠢᠷᠭᠡᠳ᠂ ᠲᠥᠷᠦ ᠊ᠢᠢᠨ ᠠᠯᠪᠠᠨ ᠬᠠᠭᠠᠭᠴᠢᠳ ᠲᠠᠢ 《ᠰᠢᠯᠢᠨ ᠲᠥᠷᠦ᠂ ᠴᠠᠬᠢᠮ ᠰᠢᠯᠵᠢᠯᠲᠡ ᠊ᠳᠦ ᠲᠠᠨ ᠊ᠤ ᠣᠷᠣᠯᠴᠠᠭ᠎ᠠ ᠠᠭᠤᠯᠵᠠᠯᠲᠠ ᠊ᠢᠢ ᠼᠠ᠊ ᠬᠥ᠊ ᠬᠠ᠊ ᠬᠣ᠊ ᠶᠠ᠊᠂ ᠨᠡᠶᠢᠰᠯᠡᠯ ᠤᠨ ᠵᠠᠰᠠᠭ ᠳᠠᠷᠤᠭ᠎ᠠ ᠊ᠢᠢᠨ ᠲᠠᠮᠠᠭ᠎ᠠ ᠊ᠢᠢᠨ ᠭᠠᠵᠠᠷ ᠬᠠᠮᠲᠤᠷᠠᠨ ᠵᠣᠬᠢᠶᠠᠨ ᠪᠠᠶᠢᠭᠤᠯᠵᠤ ᠪᠠᠶᠢᠨ᠎ᠠ᠃

ᠨᠡᠶᠢᠲᠡᠯᠡᠭᠰᠡᠨ᠄