ᠴᠠ᠊ ᠬᠥ᠊ ᠬᠠ᠊ ᠬᠣ᠊ ᠤ ᠰᠠᠶᠢᠳ ᠨᠢ᠊ ∙ ᠤᠴᠠᠷᠠᠯ ᠧᠦ᠋ᠷᠣᠫᠠ ᠶᠢᠨ ᠰᠡᠷᠭᠦᠭᠡᠨ ᠪᠣᠰᠬᠠᠯᠲᠠ᠂ ᠬᠥᠭᠵᠢᠯ ᠦᠨ ᠪᠠᠩᠬᠢᠨ ᠤ ᠲᠥᠪ ᠠᠽᠢᠶ᠎ᠠ ᠶᠢᠨ ᠪᠦᠰᠡ ᠶᠢᠨ ᠵᠠᠬᠢᠷᠤᠯ ᠰᠽᠠᠨᠠ ᠬᠠᠷᠭᠢ ᠲᠠᠢ ᠲᠡᠷᠢᠭᠦᠲᠡᠢ ᠲᠥᠯᠦᠭᠡᠯᠡᠯ ᠦᠳ ᠲᠡᠢ ᠠᠭᠤᠯᠵᠠᠯ᠎ᠠ


ᠮᠣᠩᠭᠣᠯ ᠤᠯᠤᠰ ᠤᠨ ᠴᠠᠬᠢᠮ ᠰᠢᠯᠵᠢᠯᠲᠡ ᠶᠢᠨ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤ᠂ ᠧᠦ᠋ᠷᠣᠫᠠ ᠶᠢᠨ ᠰᠡᠷᠭᠦᠭᠡᠨ ᠪᠣᠰᠬᠠᠯᠲᠠ ᠬᠥᠭᠵᠢᠯ ᠦᠨ ᠪᠠᠩᠬᠢ ᠬᠣᠭᠣᠷᠣᠨᠳᠣ ᠶᠢᠨ ᠬᠠᠷᠢᠯᠴᠠᠨ ᠣᠶᠢᠯᠠᠭᠠᠯᠴᠠᠯ ᠤᠨ ᠰᠠᠨᠠᠮᠵᠢ ᠪᠢᠴᠢᠭ ᠢ 2022 ᠣᠨ ᠤ 5 ᠳ᠋ᠤᠭᠠᠷ ᠰᠠᠷ᠎ᠠ ᠶᠢᠨ 26 ᠍ ᠳᠤ ᠪᠠᠶᠢᠭᠤᠯᠤᠭᠰᠠᠨ᠃ ᠡᠨᠡ ᠰᠠᠨᠠᠮᠵᠢ ᠪᠢᠴᠢᠭ ᠲᠦ 《ᠴᠠᠬᠢᠮ ᠦᠨᠳᠦᠰᠦᠲᠡᠨ》 ᠪᠠᠷᠢᠮᠲᠠᠯᠠᠬᠤ ᠴᠢᠭᠯᠡᠯ ᠢ ᠬᠡᠷᠡᠭᠵᠢᠭᠦᠯᠬᠦ ᠲᠤᠬᠠᠢ ᠲᠤᠰᠬᠠᠭᠰᠠᠨ᠃ ᠡᠭᠦᠨ ᠳᠦ ᠳ᠋ᠢᠵᠢᠲᠠᠯ᠎ᠠ ᠡᠳ᠋ ᠍ ᠦᠨ ᠵᠠᠰᠠᠭ ᠢ ᠬᠥᠭᠵᠢᠭᠦᠯᠬᠦ ᠳᠦ ᠲᠤᠯᠭᠠᠮᠳᠠᠵᠤ ᠪᠤᠢ ᠪᠡᠷᠬᠡᠰᠢᠶᠡᠯ ᠪᠣᠯᠤᠮᠵᠢ ᠨᠤᠭᠤᠳ ᠢ ᠲᠣᠳᠣᠷᠬᠠᠶᠢᠯᠠᠬᠤ᠂ ᠳ᠋ᠢᠵᠢᠲᠠᠯ᠎ᠠ ᠳᠡᠳ᠋ ᠪᠦᠲᠦᠴᠡ ᠶᠢᠨ ᠬᠦᠷᠲᠡᠭᠡᠮᠵᠢ ᠶᠢ ᠨᠡᠮᠡᠭᠳᠡᠭᠦᠯᠬᠦ᠂ ᠴᠠᠬᠢᠮ ᠬᠤᠳᠠᠯᠳᠤᠭ᠎ᠠ ᠶᠢ ᠬᠥᠭᠵᠢᠭᠦᠯᠬᠦ᠂ ᠳ᠋ᠢᠵᠢᠲᠠᠯ᠎ᠠ ᠪᠢᠽᠢᠨ᠋ᠧᠰ ᠢ ᠳᠡᠮᠵᠢᠬᠦ᠂ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠦᠨ ᠲᠧᠭᠨᠣᠯᠣᠭᠢ ᠶᠢᠨ ᠰᠠᠯᠪᠤᠷᠢ ᠶᠢᠨ ᠬᠡᠮᠵᠢᠶᠡᠨ ᠳᠦ ᠬᠡᠷᠡᠭᠵᠢᠭᠦᠯᠬᠦ ᠠᠷᠭ᠎ᠠ ᠬᠡᠮᠵᠢᠶ᠎ᠡ᠂ ᠲᠥᠰᠥᠯ ᠦᠳ᠂ ᠬᠥᠷᠥᠩᠭᠡ ᠣᠷᠣᠭᠤᠯᠤᠯᠲᠠ ᠶᠢᠨ ᠪᠣᠯᠤᠮᠵᠢ ᠶᠢ ᠰᠤᠳᠤᠯᠬᠤ᠂ ᠱᠠᠭᠠᠷᠳᠠᠯᠭ᠎ᠠ ᠲᠠᠢ ᠦᠶ᠎ᠡ ᠳᠦ ᠵᠣᠬᠢᠶᠠᠨ ᠪᠠᠶᠢᠭᠤᠯᠤᠯᠲᠠ ᠪᠣᠯᠤᠨ ᠲᠡᠭᠦᠨ ᠲᠡᠢ ᠬᠣᠯᠪᠣᠭᠠᠲᠠᠢ ᠮᠡᠳᠡᠭᠡᠯᠡᠯ ᠢᠶᠡᠷ ᠬᠠᠩᠭᠠᠬᠤ ᠵᠡᠷᠭᠡ ᠴᠢᠭᠯᠡᠯ ᠦᠳ ᠪᠠᠭᠲᠤᠭᠰᠠᠨ᠃

ᠴᠠ᠊ ᠬᠥ᠊ ᠬᠠ᠊ ᠬᠣ᠊ ᠤ ᠰᠠᠶᠢᠳ ᠨ ∙ ᠤᠴᠠᠷᠠᠯ ᠥᠩᠭᠡᠷᠡᠭᠰᠡᠨ ᠬᠤᠭᠤᠴᠠᠭᠠᠨ ᠳᠤ ᠬᠠᠮᠲᠤᠷᠠᠵᠤ ᠠᠵᠢᠯᠯᠠᠭᠰᠠᠨ ᠳᠤ ᠲᠠᠯᠠᠷᠬᠠᠯ ᠢᠯᠡᠷᠬᠡᠶᠢᠯᠡᠵᠦ᠂ ᠳᠡᠭᠡᠷᠡᠬᠢ ᠰᠠᠨᠠᠮᠵᠢ ᠪᠢᠴᠢᠭ ᠦᠨ ᠬᠦᠷᠢᠶᠡᠨ ᠳᠦ ᠪᠣᠯᠤᠨ ᠶᠠᠮᠤᠨ ᠠᠴᠠ ᠳᠡᠪᠰᠢᠭᠦᠯᠦᠭᠰᠡᠨ ᠰᠲᠷᠠᠲ᠋ᠧᠭᠢ ᠶᠢᠨ ᠵᠣᠷᠢᠯᠭ᠎ᠠ᠂ ᠵᠣᠷᠢᠯᠲᠠ ᠨᠤᠭᠤᠳ᠂ ᠧᠦ᠋ᠷᠣᠫᠠ ᠶᠢᠨ ᠬᠣᠯᠪᠣᠭᠠᠨ ᠤ ᠣᠷᠣᠨ ᠨᠤᠭᠤᠳ ᠤᠨ ᠰᠠᠶᠢᠨ ᠲᠤᠷᠰᠢᠯᠭ᠎ᠠ ᠨᠤᠭᠤᠳ ᠢ ᠬᠠᠷᠠᠭᠠᠯᠵᠠᠨ ᠦᠵᠡᠵᠦ᠂ ᠬᠠᠮᠲᠤᠷᠠᠨ ᠠᠵᠢᠯᠯᠠᠬᠤ ᠲᠠᠯ᠎ᠠ ᠪᠠᠷ ᠰᠠᠨᠠᠯ ᠰᠣᠯᠢᠯᠴᠠᠯ᠎ᠠ᠃

ᠨᠡᠶᠢᠲᠡᠯᠡᠭᠰᠡᠨ᠄