《ᠢ-ᠮᠣᠩᠭᠣᠯ》᠂ 《ᠢ-ᠪᠢᠽᠢᠨ᠋ᠧᠰ》 ᠰᠢᠰᠲ᠋ᠧᠮ ᠊ᠢᠢᠡᠷ ᠳᠠᠮᠵᠢᠭᠤᠯᠤᠨ ᠮᠣᠩᠭᠣᠯ ᠤᠨ ᠦᠨᠳᠦᠰᠦᠨ ᠊ᠤ ᠬᠤᠳᠠᠯᠳᠤᠭ᠎ᠠ ᠠᠵᠤ ᠦᠢᠯᠡᠳᠪᠦᠷᠢ ᠊ᠢᠢᠨ ᠲᠠᠩᠬᠢᠮ ᠡᠴᠠ ᠦᠵᠡᠭᠦᠯᠦᠭᠰᠡᠨ ᠦᠢᠯᠡᠴᠢᠯᠡᠭᠡᠨ ᠊ᠤ ᠲᠠᠯᠠᠭᠠᠷᠬᠢ ᠯᠠᠪᠯᠠᠭᠠᠭ᠎ᠠ᠂ ᠲᠣᠳᠣᠷᠬᠠᠶᠢᠯᠠᠯᠲᠠ ᠊ᠢᠢ ᠣᠯᠭᠤᠳᠠᠭ ᠪᠣᠯᠤᠨ᠎ᠠ


ᠼᠠ᠊ ᠬᠥ᠊ ᠬᠠ᠊ ᠬᠣ᠊ ᠊ᠶᠠ᠊᠂ ᠮᠣᠩᠭᠣᠯ ᠤᠨ ᠦᠨᠳᠦᠰᠦᠨ ᠊ᠤ ᠬᠤᠳᠠᠯᠳᠤᠭ᠎ᠠ ᠠᠵᠤ ᠦᠢᠯᠡᠳᠪᠦᠷᠢ ᠊ᠢᠢᠨ ᠲᠠᠩᠬᠢᠮ᠂ ᠪᠢᠽᠢᠨ᠋ᠧᠰ ᠡᠷᠬᠢᠯᠡᠬᠦ ᠲᠠᠭᠠᠲᠠᠢ ᠴᠠᠬᠢᠮ ᠣᠷᠴᠢᠨ ᠪᠦᠷᠢᠳᠦᠭᠦᠯᠬᠦ᠂ ᠮᠡᠳᠡᠭᠡᠯᠡᠯ ᠤᠨ ᠲᠧᠭᠨᠣᠯᠣᠭᠢ ᠊ᠢᠢᠨ ᠪᠦᠲᠦᠭᠡᠭᠳᠡᠬᠦᠨ᠂ ᠦᠢᠯᠡᠴᠢᠯᠡᠭᠡ ᠊ᠢᠢ ᠡᠺᠰᠫᠣᠷᠲᠣᠳ ᠭᠠᠷᠭᠠᠬᠤ᠂ ᠢᠷᠭᠡᠨ᠂ ᠬᠠᠤᠯᠢ ᠊ᠢᠢᠨ ᠡᠲᠡᠭᠡᠳ ᠊ᠳᠦ ᠦᠵᠡᠭᠦᠯᠬᠦ ᠦᠢᠯᠡᠴᠢᠯᠡᠭᠡ ᠊ᠢᠢ ᠴᠠᠬᠢᠮ ᠬᠡᠯᠪᠡᠷᠢ ᠪᠡᠷ ᠲᠦᠷᠭᠡᠨ᠂ ᠰᠢᠭᠤᠷᠬᠠᠢ ᠬᠦᠷᠭᠡᠬᠦ ᠴᠢᠭᠯᠡᠯ ᠊ᠳᠦ ᠬᠠᠮᠲᠤᠷᠠᠨ ᠠᠵᠢᠯᠯᠠᠬᠤ ᠰᠠᠨᠠᠮᠵᠢ ᠪᠢᠴᠢᠭ ᠪᠠᠶᠢᠭᠤᠯᠤᠯ᠎ᠠ᠃

ᠲᠠᠯ ᠤᠳ ᠰᠠᠨᠠᠮᠵᠢ ᠪᠢᠴᠢᠭ ᠤᠨ ᠬᠦᠷᠢᠶᠡᠨ ᠊ᠳᠦ ᠬᠠᠮᠲᠤᠷᠠᠨ ᠠᠵᠢᠯᠯᠠᠬᠤ ᠵᠠᠷᠢᠮ ᠴᠢᠭᠯᠡᠯ ᠢ ᠳᠤᠷᠠᠳᠪᠠᠯ᠄

ᠲᠥᠷᠦ ᠊ᠢᠢᠨ ᠦᠢᠯᠡᠴᠢᠯᠡᠭᠡᠨ ᠊ᠤ ᠨᠢᠭᠡᠳᠦᠭᠰᠡᠨ ᠰᠢᠰᠲ᠋ᠧᠮ 《ᠢ-ᠮᠣᠩᠭᠣᠯᠢᠶᠠ》᠂ 《ᠢ-ᠪᠢᠽᠢᠨ᠋ᠧᠰ》 ᠰᠢᠰᠲ᠋ᠧᠮ ᠊ᠢᠢᠡᠷ ᠳᠠᠮᠵᠢᠭᠤᠯᠤᠨ ᠲᠠᠩᠬᠢᠮ ᠡᠴᠠ ᠦᠵᠡᠭᠦᠯᠦᠭᠰᠡᠨ ᠦᠢᠯᠡᠴᠢᠯᠡᠭᠡᠨ ᠊ᠤ ᠲᠠᠯᠠᠭᠠᠷᠬᠢ ᠯᠠᠪᠯᠠᠭᠠᠭ᠎ᠠ᠂ ᠲᠣᠳᠣᠷᠬᠠᠶᠢᠯᠠᠯᠲᠠ ᠣᠯᠭᠤᠬᠤ ᠪᠣᠯᠤᠮᠵᠢ ᠊ᠢᠢ ᠬᠠᠮᠲᠤᠷᠠᠨ ᠪᠦᠷᠢᠳᠦᠭᠦᠯᠦᠨ᠎ᠡ;

ᠲᠥᠷᠦ ᠊ᠢᠢᠨ ᠮᠡᠳᠡᠭᠡᠯᠡᠯ ᠰᠣᠯᠢᠯᠴᠠᠭᠠᠨ ᠊ᠤ ᠰᠢᠰᠲ᠋ᠧᠮ ᠊ᠢᠢᠡᠷ ᠳᠠᠮᠵᠢᠭᠤᠯᠤᠨ ᠬᠦᠯᠢᠶᠡᠨ ᠠᠪᠬᠤ ᠪᠣᠯᠤᠮᠵᠢ ᠲᠠᠢ ᠯᠠᠪᠯᠠᠭᠠᠭ᠎ᠠ᠂ ᠲᠣᠳᠣᠷᠬᠠᠶᠢᠯᠠᠯᠲᠠ ᠊ᠢᠢ ᠬᠦᠮᠦᠨ᠂ ᠬᠠᠤᠯᠢ ᠊ᠢᠢᠨ ᠡᠲᠡᠭᠡᠳ ᠡᠴᠡ ᠱᠠᠭᠠᠷᠳᠠᠬᠤ ᠦᠭᠡᠢ ᠪᠠᠶᠢᠬᠤ ᠨᠥᠬᠥᠴᠡᠯ ᠢ ᠪᠦᠷᠢᠳᠦᠭᠦᠯᠦᠨ᠎ᠡ᠃

ᠡᠳᠡᠭᠡᠷ ᠠᠵᠢᠯ ᠤᠨ ᠬᠦᠷᠢᠶᠡᠨ ᠊ᠳᠦ ᠮᠣᠩᠭᠣᠯ ᠤᠨ ᠦᠨᠳᠦᠰᠦᠨ ᠊ᠤ ᠬᠤᠳᠠᠯᠳᠤᠭ᠎ᠠ ᠠᠵᠤ ᠦᠢᠯᠡᠳᠪᠦᠷᠢ ᠊ᠢᠢᠨ ᠲᠠᠩᠬᠢᠮ ᠤᠨ ᠳᠡᠷᠭᠡᠳᠡᠬᠢ ᠮᠣᠩᠭᠣᠯ ᠤᠨ ᠣᠯᠠᠨ ᠤᠯᠤᠰ ᠤᠨ ᠠᠷᠪᠢᠲ᠋ᠧᠷ ᠤᠨ ᠮᠡᠳᠡᠭᠡᠯᠡᠯ ᠤᠨ ᠰᠢᠰᠲ᠋ᠧᠮ ᠢ ᠲᠥᠷᠥ ᠊ᠢᠢᠨ ᠮᠡᠳᠡᠭᠡᠯᠡᠯ ᠰᠣᠯᠢᠯᠴᠠᠭᠠᠨ ᠊ᠤ 《ᠬᠤᠷ ᠠ》 ᠰᠢᠰᠲ᠋ᠧᠮ᠂ ᠠᠯᠪᠠᠨ ᠪᠢᠴᠢᠭ ᠰᠣᠯᠢᠯᠴᠠᠭᠠᠨ ᠊ᠤ ᠳᠤᠮᠳᠠ ᠊ᠢᠢᠨ ᠰᠢᠰᠲ᠋ᠧᠮ᠂ ᠲᠥᠷᠥ ᠊ᠢᠢᠨ ᠦᠢᠯᠡᠴᠢᠯᠡᠭᠡᠨ ᠊ᠤ ᠨᠢᠭᠡᠳᠦᠭᠰᠡᠨ ᠰᠢᠰᠲ᠋ᠧᠮ ᠪᠣᠯᠤᠨ ᠪᠤᠰᠤᠳ ᠱᠠᠭᠠᠷᠳᠠᠯᠭ᠎ᠠ ᠲᠠᠢ ᠰᠢᠰᠲ᠋ᠧᠮ ᠲᠡᠢ ᠬᠣᠯᠪᠣᠵᠤ ᠮᠡᠳᠡᠭᠡᠯᠡᠯ ᠰᠤᠯᠢᠯᠴᠠᠬᠤ ᠪᠣᠯᠤᠮᠵᠢ ᠊ᠢᠢ ᠪᠦᠷᠢᠳᠦᠭᠦᠯᠬᠦ ᠶᠤᠮ᠃

ᠨᠡᠶᠢᠲᠡᠯᠡᠭᠰᠡᠨ᠄