ᠼᠠ᠊ ᠬᠥ᠊ ᠬᠠ᠊ ᠬᠣ᠊ ᠍-᠊ᠤ ᠰᠠᠶᠢᠳ ᠨ ∙ ᠤᠴᠠᠷᠠᠯ ᠧᠦ᠋ᠷᠣᠫᠠ ᠮᠣᠩᠭᠣᠯ ᠤᠨ ᠬᠠᠮᠲᠤᠷᠠᠭᠰᠠᠨ ᠬᠤᠳᠠᠯᠳᠤᠭ᠎ᠠ ᠠᠵᠤ ᠦᠢᠯᠡᠳᠪᠦᠷᠢ ᠊ᠢᠢᠨ ᠲᠠᠩᠬᠢᠮ ᠤᠨ ᠲᠥᠯᠥᠭᠡᠯᠡᠯ ᠦᠳ ᠪᠣᠯᠤᠨ ᠪᠢᠽᠢᠨ᠋ᠧᠰ ᠡᠷᠡᠬᠯᠡᠭᠴᠢᠳ ᠲᠡᠢ ᠠᠭᠤᠯᠵᠠᠵᠤ ᠪᠠᠶᠢᠨ᠎ᠠ


ᠮᠣᠩᠭᠣᠯ ᠤᠯᠤᠰ ᠤᠨ ᠴᠠᠬᠢᠮ ᠰᠢᠯᠵᠢᠯᠲᠡ ᠊ᠢᠢᠨ ᠥᠨᠥ ᠊ᠢᠢᠨ ᠨᠥᠬᠥᠴᠡᠯ ᠪᠠᠶᠢᠳᠠᠯ ᠪᠣᠯᠤᠨ ᠴᠢᠨᠠᠭᠰᠢᠳᠠ ᠬᠡᠷᠡᠭᠵᠢᠭᠦᠯᠬᠦ ᠲᠥᠯᠦᠪᠯᠡᠵᠦ ᠪᠤᠢ ᠠᠷᠭ᠎ᠠ ᠬᠡᠮᠵᠢᠶ᠎ᠡ ᠨᠦᠭᠦᠳ ᠤᠨ ᠲᠠᠯ᠎ᠠ ᠪᠠᠷ ᠮᠡᠳᠡᠭᠡᠯᠡᠯ ᠥᠭᠴᠦ᠂ ᠰᠠᠨᠠᠯ ᠰᠣᠯᠢᠯᠴᠠᠯ᠎ᠠ. ​ᠲᠥᠷᠦ-ᠬᠤᠪ ᠤᠨ ᠬᠡᠪᠰᠢᠯ ᠤᠨ ᠲᠦᠩᠰᠢᠯᠡᠯ ᠢ ᠬᠥᠭᠵᠢᠭᠦᠯᠬᠦ ᠨᠢ ᠮᠠᠨ ᠊ᠤ ᠰᠠᠯᠪᠤᠷᠢ ᠊ᠢᠢᠨ ᠤᠷᠤᠭᠰᠢᠯᠠᠬᠤ ᠭᠠᠷᠴᠠ ᠪᠥᠭᠡᠳ ᠬᠦᠮᠦᠨ ᠊ᠤ ᠨᠥᠭᠡᠴᠡ ᠶᠢ ᠴᠢᠳᠠᠪᠬᠢᠵᠢᠭᠤᠯᠬᠤ᠂ ᠴᠢᠳᠠᠪᠤᠷᠢᠯᠢᠭ ᠢᠨᠵᠧᠨᠧᠷ ᠦᠳ ᠢ ᠪᠡᠯᠡᠳᠬᠡᠬᠦ᠂ ᠲᠡᠳᠡᠨ ᠢ ᠪᠣᠳᠠᠲᠤ ᠪᠠᠷ ᠦᠨᠡᠯᠡᠬᠦ ᠵᠡᠷᠭᠡ ᠨᠢ ᠪᠣᠳᠣᠯᠭ᠎ᠠ ᠪᠠᠷ ᠵᠠᠶᠢᠯᠠᠰᠢ ᠦᠭᠡᠢ ᠵᠣᠬᠢᠴᠠᠭᠤᠯᠬᠤ ᠠᠰᠠᠭᠤᠳᠠᠯ ᠮᠥᠨ ᠭᠡᠳᠡᠭ ᠳᠡᠭᠡᠷ᠎ᠡ ᠠᠭᠤᠯᠵᠠᠯᠲᠠ ᠳᠤ ᠣᠷᠣᠯᠴᠠᠭᠴᠢᠳ ᠰᠠᠨᠠᠯ ᠨᠢᠭᠡ ᠪᠠᠶᠢᠯ᠎ᠠ᠃

ᠮᠣᠩᠭᠣᠯ ᠤᠯᠤᠰ ᠲᠤ ᠢᠷᠭᠡᠳ ᠬᠠᠤᠯᠢ ᠊ᠢᠢᠨ ᠡᠲᠡᠭᠡᠳ᠂ ᠺᠣᠮᠫᠠᠨᠢ ᠪᠠᠶᠢᠭᠤᠯᠬᠤ ᠊ᠳᠤ ᠬᠡᠳᠦ ᠬᠡᠳᠦᠨ ᠤᠳᠠᠭ᠎ᠠ ᠤᠯᠤᠰ ᠤᠨ ᠪᠦᠷᠢᠳᠬᠡᠯ ᠤᠨ᠂ ᠰᠠᠩᠬᠦᠦ ᠊ᠢᠢᠨ ᠪᠠᠶᠢᠭᠤᠯᠤᠯᠭ᠎ᠠ ᠳᠡᠭᠡᠷ᠎ᠡ ᠣᠴᠢᠬᠤ ᠵᠡᠷᠭᠡ ᠬᠦᠨᠳᠦᠷᠡᠯ ᠡᠭᠦᠰᠳᠡᠭ ᠪᠠᠶᠢᠪᠠ᠃ ᠤᠯᠠᠮᠵᠢᠯᠠᠯᠲᠤ ᠱᠠᠭᠠᠷᠳᠠᠯᠭ᠎ᠠ ᠊ᠢᠢ ᠰᠢᠨᠡᠴᠢᠯᠡᠵᠦ᠂ E-business ᠫᠯᠠᠲ᠋ᠹᠣᠷᠮ ᠢ ᠨᠡᠭᠡᠭᠡᠭᠰᠡᠨ ᠲᠠᠯ᠎ᠠ ᠪᠠᠷ ᠳᠤᠷᠠᠳᠴᠤ᠂ ᠋᠍᠍᠋᠋᠋᠋᠋᠍ᠶᠡ᠊ ᠮ᠊ ᠬ᠊ ᠬ᠊ ᠠ᠊ ᠦ᠊ ᠲ᠊ ᠍ ᠤᠨ ᠭᠡᠰᠢᠭᠦᠳ ᠲᠦ ᠪᠣᠯᠤᠨ ᠪᠢᠽᠢᠨ᠋ᠧᠰ ᠡᠷᠬᠢᠯᠡᠭᠴᠢᠳ ᠲᠦ ᠲᠠᠭᠠᠲᠠᠢ ᠣᠷᠴᠢᠨ ᠡᠭᠦᠰᠦᠭᠰᠡᠨ ᠲᠤᠯᠠ ᠲᠡᠭᠦᠨ ᠢ ᠪᠣᠳᠠᠲᠤ ᠪᠠᠷ ᠠᠰᠢᠭᠯᠠᠵᠤ ᠡᠳ᠋ ᠍ ᠊ᠢᠢᠨ ᠵᠠᠰᠠᠭ ᠲᠤ ᠡᠶᠡᠷᠡᠭ ᠨᠥᠯᠥᠭᠡ ᠦᠵᠡᠭᠦᠯᠬᠦ ᠴᠢᠭᠯᠡᠯ ᠲᠠ ᠪᠦᠬᠦᠨ ᠲᠡᠢ ᠬᠠᠮᠲᠤᠷᠠᠨ ᠠᠵᠢᠯᠯᠠᠬᠤ ᠳᠤ ᠪᠠᠨ ᠲᠠᠭᠠᠲᠠᠢ ᠪᠠᠶᠢᠬᠤ ᠪᠣᠯᠤᠨ᠎ᠠ ᠬᠡᠮᠡᠨ ᠼᠠᠡ᠊ ᠬᠥ᠊ ᠬᠠ᠊ ᠬᠣ᠊-᠊ᠤ ᠰᠠᠶᠢᠳ ᠨ ∙ ᠤᠴᠠᠷᠠᠯ ᠣᠨᠴᠠᠯᠠᠯ᠎ᠠ᠃

ᠨᠡᠶᠢᠲᠡᠯᠡᠭᠰᠡᠨ᠄