ᠵᠣᠬᠢᠶᠠᠭᠴᠢ ᠊ᠢᠢᠨ ᠡᠷᠬᠡ ᠪᠡᠷ ᠬᠠᠮᠠᠭᠠᠯᠠᠵᠤ ᠪᠤᠢ ᠪᠦᠲᠦᠭᠡᠭᠳᠡᠬᠦᠨ ᠊ᠳᠦ ᠑᠓᠑᠐ ᠫᠷᠣᠭᠷᠠᠮ ᠬᠠᠩᠭᠠᠮᠵᠢ᠂ ᠕ ᠥᠭᠭᠥᠭᠳᠡᠯ ᠦᠨ ᠰᠠᠨ ᠪᠦᠷᠢᠳᠬᠡᠯ ᠲᠡᠢ ᠪᠠᠶᠢᠨ᠎ᠠ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤ ᠳᠠᠯᠠᠢ ᠊ᠳᠤ ᠭᠠᠷᠤᠴᠠ ᠦᠭᠡᠢ ᠬᠥᠭᠵᠢᠵᠦ ᠪᠤᠢ ᠣᠷᠣᠨ ᠨᠤᠭᠤᠳ ᠤᠨ ᠣᠯᠠᠨ ᠤᠯᠤᠰ ᠤᠨ ᠰᠤᠳᠤᠯᠭᠠᠨ ᠊ᠤ ᠲᠥᠪ ᠲᠡᠢ ᠬᠠᠮᠲᠤᠷᠠᠨ 《ᠴᠠᠬᠢᠮ ᠲᠧᠭᠨᠣᠯᠣᠭᠢ᠂ ᠪᠦᠲᠦᠭᠡᠭᠳᠡᠬᠦᠨ᠂ ᠦᠢᠯᠡᠴᠢᠯᠡᠭᠡ ᠲᠡᠢ ᠬᠣᠯᠪᠣᠭ᠎ᠠ ᠲᠠᠢ ᠣᠶᠤᠨ ᠊ᠤ ᠥᠮᠴᠢ᠂ ᠬᠠᠤᠯᠢ᠂ ᠡᠷᠬᠡ ᠵᠦᠢ ᠊ᠢᠢᠨ ᠣᠷᠴᠢᠨ ᠢ ᠰᠠᠶᠢᠵᠢᠷᠠᠭᠤᠯᠬᠤ ᠪᠣᠯᠤᠮᠵᠢ ᠊ᠢᠢᠨ ᠲᠠᠯᠠᠭᠠᠷᠬᠢ ᠰᠠᠭᠤᠷᠢ ᠰᠤᠳᠤᠯᠭ᠎ᠠ》᠊ᠤ ᠶᠠᠪᠤᠴᠠ᠂ ᠦᠷ᠎ᠡ ᠳᠦᠩ ᠢ ᠬᠡᠯᠡᠯᠴᠡᠬᠦ ᠠᠭᠤᠯᠵᠠᠯᠲᠠ ᠶᠢ ᠥᠨᠥᠳᠥᠷ /᠒᠐᠒᠓.᠐᠔.᠑᠓/ ᠵᠣᠬᠢᠶᠠᠨ ᠪᠠᠶᠢᠭᠤᠯᠤᠯ᠎ᠠ᠃

ᠠᠭᠤᠯᠵᠠᠯᠲᠠ ᠊ᠳᠤ ᠳᠠᠯᠠᠢ ᠊ᠳᠤ ᠭᠠᠷᠤᠴᠠ ᠦᠭᠡᠢ ᠬᠥᠭᠵᠢᠵᠦ ᠪᠤᠢ ᠣᠷᠣᠨ ᠨᠤᠭᠤᠳ ᠤᠨ ᠣᠯᠠᠨ ᠤᠯᠤᠰ ᠤᠨ ᠰᠤᠳᠤᠯᠭᠠᠨ ᠊ᠤ ᠲᠥᠪ ᠦᠨ ᠭᠦᠢᠴᠡᠳᠭᠡᠬᠦ ᠵᠠᠬᠢᠷᠤᠯ ᠣ᠊ ∙ ᠳᠥᠯᠥᠭᠡᠨ᠂ ᠠᠬᠠᠯᠠᠬᠤ ᠮᠡᠷᠭᠡᠵᠢᠯᠲᠡᠨ ᠡᠩᠬᠡᠲᠤᠭᠤᠯ ᠨᠠᠷ ᠣᠷᠣᠯᠴᠠᠵᠤ᠂ ᠵᠦᠪᠳᠡᠬᠦ ᠰᠤᠳᠤᠯᠤᠭᠠᠴᠢ ᠯ ∙ ᠠᠷᠢᠭᠤᠨ᠎ᠠ᠄ 《ᠣᠶᠤᠨ ᠤ ᠥᠮᠴᠢ᠂ ᠵᠣᠬᠢᠶᠠᠭᠴᠢ ᠶᠢᠨ ᠡᠷᠬᠡ ᠡᠳ᠋ ᠍ ᠦᠨ ᠵᠠᠰᠠᠭ ᠤᠨ ᠡᠷᠭᠢᠯᠲᠡ ᠳᠦ ᠤᠷᠤᠭᠤᠯᠬᠤ ᠰᠤᠳᠤᠯᠭ᠎ᠠ ᠰᠢᠨᠵᠢᠯᠡᠭᠡᠨ ᠦ ᠦᠷ᠎ᠡ ᠳᠦᠩ ᠊ᠳᠦ ᠪᠤᠢ ᠪᠣᠯᠤᠭᠰᠠᠨ ᠣᠶᠤᠨ ᠊ᠤ ᠥᠮᠴᠢ᠂ ᠰᠢᠨ᠎ᠡ ᠪᠦᠲᠦᠭᠡᠯ ᠢ ᠬᠠᠮᠠᠭᠠᠯᠠᠬᠤ᠂ ᠦᠢᠯᠡᠳᠪᠦᠷᠢᠯᠡᠯ᠂ ᠬᠡᠷᠡᠭᠯᠡᠭᠡᠨ ᠊ᠳᠦ ᠨᠡᠪᠲᠡᠷᠡᠭᠦᠯᠬᠦ᠂ ᠲᠡᠳᠡᠭᠡᠷ ᠢ ᠤᠷᠮᠠᠰᠢᠭᠤᠯᠬᠤ ᠰᠢᠰᠲ᠋ᠧᠮ ᠢ ᠪᠤᠢ ᠪᠣᠯᠭᠠᠬᠤ ᠴᠢᠭᠯᠡᠯ ᠢᠶᠡᠷ ᠰᠠᠭᠤᠷᠢ ᠰᠤᠳᠤᠯᠭᠠᠨ ᠊ᠤ ᠲᠥᠰᠥᠯ ᠢ ᠲᠠᠨᠢᠯᠴᠠᠭᠤᠯᠪᠠ᠃

ᠰᠤᠳᠤᠯᠭᠠᠨ ᠡᠴᠠ ᠳᠤᠷᠠᠳᠪᠠᠯ ᠮᠣᠩᠭᠣᠯ ᠤᠯᠤᠰ ᠤᠨ ᠵᠣᠬᠢᠶᠠᠭᠴᠢ ᠊ᠢᠢᠨ ᠡᠷᠬᠡ ᠊ᠢᠢᠨ ᠲᠤᠬᠠᠢ ᠬᠠᠤᠯᠢ ᠊ᠳᠤ ᠵᠣᠬᠢᠶᠠᠭᠴᠢ ᠊ᠢᠢᠨ ᠡᠷᠬᠡ ᠪᠡᠷ ᠬᠠᠮᠠᠭᠠᠯᠠᠳᠠᠭ ᠪᠦᠲᠦᠭᠡᠯ ᠊ᠳᠦ ᠫᠷᠣᠭᠷᠠᠮ ᠬᠠᠩᠭᠠᠮᠵᠢ᠂ ᠥᠭᠭᠥᠭᠳᠡᠯ ᠤᠨ ᠰᠠᠨ ᠬᠠᠮᠢᠶᠠᠷᠳᠠᠭ ᠪᠥᠭᠡᠳ ᠣᠳᠣ ᠊ᠢᠢᠨ ᠪᠠᠶᠢᠳᠠᠯ᠊ᠢ ᠊ᠢᠢᠠᠷ ᠨᠡᠶᠢᠲᠡ ᠑᠔᠖᠐᠐ ᠵᠣᠬᠢᠶᠠᠭᠴᠢ ᠊ᠢᠢᠨ ᠡᠷᠬᠡ ᠪᠡᠷ ᠬᠠᠮᠠᠭᠠᠯᠠᠵᠤ ᠪᠤᠢ ᠪᠦᠲᠦᠭᠡᠭᠳᠡᠬᠦᠨ ᠊ᠤ ᠑᠓᠑᠐ ᠫᠷᠣᠭᠷᠠᠮ ᠬᠠᠩᠭᠠᠮᠵᠢ᠂ ᠕ ᠥᠭᠭᠥᠭᠳᠡᠯ ᠤᠨ ᠰᠠᠨ ᠪᠦᠷᠢᠳᠬᠡᠯ ᠲᠡᠢ ᠪᠠᠶᠢᠨ᠎ᠠ᠃

ᠤᠭ ᠰᠤᠳᠤᠯᠭᠠᠨ ᠊ᠤ ᠠᠵᠢᠯ ᠢ ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠤᠨ ᠠᠽᠢᠶ᠎ᠠ ᠨᠣᠮᠣᠬᠠᠨ ᠳᠠᠯᠠᠢ ᠊ᠢᠢᠨ ᠪᠥᠰᠡ ᠊ᠢᠢᠨ ᠡᠳ᠋ ᠍᠊ᠢᠢᠨ ᠵᠠᠰᠠᠭ᠂ ᠨᠡᠶᠢᠭᠡᠮ ᠤᠨ ᠺᠣᠮᠢᠰ ᠤᠨ ᠰᠠᠩᠬᠦᠵᠢᠯᠲᠡ ᠪᠡᠷ ᠬᠢᠵᠦ ᠪᠠᠶᠢᠨ᠎ᠠ᠃

ᠨᠡᠶᠢᠲᠡᠯᠡᠭᠰᠡᠨ᠄