ᠲᠥᠷᠥ ᠊ᠢᠢᠨ ᠦᠢᠯᠡᠴᠢᠯᠡᠭᠡᠨ ᠊ᠤ ᠨᠢᠭᠡᠳᠦᠭᠰᠡᠨ ᠰᠢᠰᠲ᠋ᠧᠮ e-mongolia.ᠠᠷ ᠑᠓ ᠠ ᠮᠠᠶ᠋ᠢᠭᠲᠤ ᠊ᠢᠢ ᠢᠯᠡᠭᠡᠬᠦ᠂ ᠬᠠᠷᠠᠬᠤ᠂ ᠲᠠᠲᠠᠬᠤ ᠪᠣᠯᠤᠮᠵᠢ ᠲᠠᠢ ᠪᠣᠯᠤᠯ᠎ᠠ


ᠥᠨᠥᠳᠥᠷ ᠦᠨ (᠒᠐᠒᠓.᠐᠔.᠑᠒) ᠽᠠ᠊ ᠭᠠ᠊ ᠍ᠤᠨ ᠬᠤᠷᠠᠯᠳᠤᠭᠠᠨ ᠊ᠳᠤ 《᠑᠓ ᠠ᠊ ᠮᠠᠶ᠋ᠢᠭᠲᠤ ᠊ᠢᠢ ᠴᠠᠬᠢᠮᠵᠢᠭᠤᠯᠬᠤ》 ᠰᠢᠢᠳᠦᠯ ᠢ ᠼᠠ᠊ ᠬᠥ᠊ ᠬᠠ᠊ ᠬᠣ᠊ -᠊ᠤ ᠨ ∙ ᠤᠴᠠᠷᠠᠯ ᠲᠠᠨᠢᠯᠴᠠᠭᠤᠯᠤᠭᠰᠠᠨ ᠪᠥᠭᠡᠳ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠲᠤᠰ ᠰᠢᠢᠳᠦᠯ ᠢ ᠬᠡᠷᠡᠭᠯᠡᠭᠡᠨ ᠳᠦ ᠨᠡᠪᠲᠡᠷᠡᠭᠦᠯᠬᠦ ᠪᠡᠷ ᠰᠢᠢᠳᠪᠦᠷᠢᠯᠡᠯ᠎ᠡ᠃

᠒᠐᠒᠒ ᠣᠨ ᠊ᠳᠤ ᠤᠯᠤᠰ ᠤᠨ ᠬᠡᠮᠵᠢᠶᠡᠨ ᠊ᠳᠦ ᠡᠪᠡᠳᠴᠢᠲᠡᠨ ᠢᠯᠡᠭᠡᠬᠦ ᠬᠠᠭᠤᠳᠠᠰᠤ ᠑᠓ᠠ᠊ ᠮᠠᠶ᠋ᠢᠭᠲᠤ ᠪᠠᠷ ᠦᠢᠯᠡᠴᠢᠯᠡᠭᠰᠡᠨ ᠬᠦᠮᠦᠨ ᠦ ᠲᠣᠭ᠎ᠠ ᠓᠑᠗᠂᠗᠓᠖ ᠪᠠᠶᠢᠨ᠎ᠠ᠃

ᠴᠠᠬᠢᠮᠵᠢᠭᠤᠯᠬᠤ ᠴᠢᠭᠯᠡᠯ ᠢᠶᠡᠷ ᠳᠠᠷᠠᠭᠠᠬᠢ ᠠᠵᠢᠯ ᠤᠳ ᠢ ᠬᠢᠵᠦ ᠭᠦᠢᠴᠡᠳᠭᠡᠨ ᠬᠡᠷᠡᠭᠯᠡᠭᠡᠨ ᠳᠦ ᠨᠡᠪᠲᠡᠷᠡᠭᠦᠯᠬᠦ ᠳᠦ ᠪᠡᠯᠡᠨ ᠪᠣᠯᠤᠭᠠᠳ ᠪᠠᠶᠢᠨ᠎ᠠ᠃

ᠡᠭᠦᠨ ᠊ᠳᠦ᠄

᠑᠃ ᠡᠷᠡᠭᠦᠯ ᠮᠡᠨᠳᠦ ᠊ᠢᠢᠨ ᠳᠠᠭᠠᠳᠬᠠᠯ ᠤᠨ 《health.gov.mn》 ᠰᠢᠰᠲ᠋ᠧᠮ ᠳᠦ ᠲᠦᠰᠢᠭᠯᠡᠨ ᠡᠷᠡᠭᠦᠯ ᠮᠡᠨᠳᠦ ᠊ᠢᠢᠨ ᠦᠢᠯᠡᠴᠢᠯᠡᠭᠡᠨ ᠳᠦ ᠠᠰᠢᠭᠯᠠᠭᠳᠠᠵᠤ ᠪᠤᠢ ᠔ ᠲᠥᠷᠦᠯ ᠦᠨ ᠮᠡᠳᠡᠭᠡᠯᠡᠯ ᠦᠨ ᠰᠢᠰᠲ᠋ᠧᠮ ᠬᠣᠭᠣᠷᠣᠨᠳᠣ ᠑᠓ ᠠ᠊ ᠮᠠᠶ᠋ᠢᠭᠲᠤ ᠊ᠢᠢᠨ ᠮᠡᠳᠡᠭᠡᠯᠡᠯ ᠢ ᠴᠠᠬᠢᠮ ᠢᠶᠠᠷ ᠪᠦᠷᠢᠳᠬᠡᠬᠦ᠂ ᠰᠣᠯᠢᠯᠴᠠᠬᠤ ᠨᠡᠮᠡᠯᠲᠡ ᠬᠥᠭᠵᠢᠭᠦᠯᠦᠯᠲᠡ ᠊ᠢᠢ ᠬᠢᠵᠦ᠂ ᠠᠩᠬᠠᠨ ᠱᠠᠲᠤᠨ ᠊ᠤ ᠕᠓᠐᠂ ᠯᠠᠪᠯᠠᠭᠠᠭ᠎ᠠ ᠱᠠᠲᠤᠯᠠᠯ ᠤᠨ ᠓᠓᠔᠂ ᠨᠡᠶᠢᠲᠡ ᠘᠖᠔ ᠡᠮᠨᠡᠯᠭᠡ ᠴᠠᠬᠢᠮ ᠊ᠢᠢᠠᠷ ᠬᠦᠯᠢᠶᠡᠨ ᠠᠪᠬᠤ᠂ ᠢᠯᠡᠭᠡᠬᠦ ᠪᠣᠯᠤᠮᠵᠢ ᠲᠠᠢ ᠪᠣᠯᠤᠭᠰᠠᠨ᠃

᠒᠃ ᠑᠓ ᠠ᠊ ᠮᠠᠶ᠋ᠢᠭᠲᠤ ᠊ᠢᠢ ᠢᠷᠭᠡᠨ ᠊ᠳᠦ ᠬᠦᠷᠭᠡᠬᠦ ᠳᠦ ᠱᠠᠭᠠᠷᠳᠠᠯᠭ᠎ᠠ ᠲᠠᠢ ᠬᠥᠭᠵᠢᠭᠦᠯᠦᠯᠲᠡ ᠊ᠢᠢ ᠬᠢᠵᠦ ᠲᠥᠷᠥ ᠊ᠢᠢᠨ ᠴᠠᠬᠢᠮ ᠦᠢᠯᠡᠴᠢᠯᠡᠭᠡᠨ ᠊ᠤ ᠢ-ᠮᠣᠩᠭᠣᠯᠢᠶᠠ》 ᠰᠢᠰᠲ᠋ᠧᠮ ᠊ᠳᠦ ᠨᠢᠭᠡᠳᠬᠡᠵᠦ᠂ 《ᠦᠢᠯᠡᠴᠢᠯᠡᠭᠡ》 ᠼᠧᠰᠧ ᠊ᠢᠢᠨ 《ᠡᠷᠡᠭᠦᠯ ᠮᠡᠨᠳᠦ》 ᠠᠩᠭᠢᠯᠠᠯ ᠊ᠳᠤ ᠑᠓ ᠠ᠊ ᠴᠠᠬᠢᠮ ᠮᠠᠶ᠋ᠢᠭᠲᠤ ᠊ᠢᠢ ᠪᠠᠶᠢᠷᠢᠰᠢᠭᠤᠯᠤᠭᠰᠠᠨ᠃

᠑᠓ ᠠ᠊ ᠮᠠᠶ᠋ᠢᠭᠲᠤ ᠊ᠳᠤ ᠢᠷᠭᠡᠨ ᠊ᠤ ᠰᠢᠨᠵᠢᠯᠡᠭᠡᠨ ᠊ᠤ ᠮᠡᠳᠡᠭᠡᠯᠡᠯ ᠢ ᠳᠠᠪᠬᠤᠷ ᠢᠯᠡᠭᠡᠬᠦ᠂ ᠨᠠᠰᠤᠨ ᠊ᠳᠤ ᠬᠦᠷ᠎ᠡ ᠭᠦᠢ ᠬᠡᠦᠬᠡᠳ ᠦᠨ ᠮᠠᠶ᠋ᠢᠭᠲᠤ ᠶᠢ ᠲᠡᠭᠦᠨ ᠢ ᠲᠥᠯᠥᠭᠡᠯᠡᠬᠦ ᠡᠷᠬᠡ ᠪᠦᠬᠦᠢ ᠡᠲᠡᠭᠡᠳ ᠨᠢ ᠬᠠᠷᠠᠬᠤ᠂ ᠲᠠᠲᠠᠨ ᠠᠪᠬᠤ ᠨᠥᠬᠥᠴᠡᠯ ᠢ ᠲᠤᠰ ᠲᠤᠰ ᠪᠦᠷᠢᠳᠦᠭᠦᠯᠦᠭᠰᠡᠨ᠃

ᠴᠠᠬᠢᠮ ᠮᠠᠶ᠋ᠢᠭᠲᠤ ᠊ᠢᠢ ᠡᠷᠡᠭᠦᠯ ᠮᠡᠨᠳᠦ ᠶᠢᠨ ᠲᠤᠰᠠᠯᠠᠮᠵᠢ ᠦᠢᠯᠡᠴᠢᠯᠡᠭᠡᠨ ᠳᠦ ᠨᠡᠪᠲᠡᠷᠡᠭᠦᠯᠦᠭᠰᠡᠨ ᠢᠶᠡᠷ ᠡᠮᠴᠢ᠂ ᠠᠵᠢᠯᠴᠢᠳ ᠤᠨ ᠠᠴᠢᠶᠠᠯᠠᠯ ᠢ ᠨᠡᠮᠡᠭᠳᠡᠭᠦᠯᠬᠦ ᠦᠭᠡᠢ ᠪᠠᠶᠢᠬᠤ᠂ ᠢᠷᠭᠡᠳ ᠲᠦ ᠡᠭᠦᠰᠬᠦ ᠬᠦᠯᠢᠶᠡᠯᠲᠡ᠂ ᠴᠢᠷᠦᠭᠳᠡᠯ ᠢ ᠪᠠᠭᠠᠰᠭᠠᠬᠤ ᠡᠴᠢ ᠬᠣᠯᠪᠣᠭᠳᠠᠯ ᠲᠠᠢ ᠶᠤᠮ᠃

ᠮᠣᠩᠭᠣᠯ ᠤᠯᠤᠰ ᠤᠨ ᠵᠠᠰᠠᠭ ᠤᠨ ᠭᠠᠵᠠᠷ ᠤᠨ ᠒᠐᠒᠒ ᠣᠨ ᠊ᠤ ᠓ ᠳ᠋ᠤᠭᠠᠷ ᠰᠠᠷ᠎ᠠ ᠊ᠢᠢᠨ ᠑᠖  ᠊ᠤ ᠡᠳᠦᠷ ᠤᠨ ᠬᠤᠷᠠᠯᠳᠤᠭᠠᠨ ᠊ᠤ ᠑᠖ ᠳ᠋ᠤᠭᠠᠷ ᠲᠡᠮᠳᠡᠭᠯᠡᠯ ᠤᠨ XYIII.᠒.᠓ ᠍ ᠲᠤ ᠡᠮᠨᠡᠯᠭᠡ ᠊ᠢᠢᠨ ᠲᠤᠰᠠᠯᠠᠮᠵᠢ᠂ ᠦᠢᠯᠡᠴᠢᠯᠡᠭᠡ ᠊ᠢᠢ ᠴᠢᠷᠭᠳᠡᠯ ᠦᠭᠡᠢ᠂ ᠴᠢᠨᠠᠷᠲᠠᠢ᠂ ᠬᠦᠷᠲᠡᠭᠡᠮᠵᠢ ᠲᠡᠢ᠂ ᠰᠢᠭᠤᠷᠬᠠᠢ ᠬᠦᠷᠭᠡᠬᠦ ᠬᠦᠷᠢᠶᠡᠨ ᠳᠦ ᠡᠷᠡᠭᠦᠯ ᠮᠡᠨᠳᠦ ᠊ᠢᠢᠨ ᠰᠠᠯᠪᠤᠷᠢ ᠊ᠳᠤ ᠴᠠᠬᠢᠮ ᠰᠢᠯᠵᠢᠯᠲᠡ ᠬᠢᠬᠦ ᠳᠦ ᠳᠡᠮᠵᠢᠯᠭᠡ ᠦᠵᠡᠭᠦᠯᠵᠦ ᠠᠵᠢᠯᠯᠠᠬᠤ ᠶᠢ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠰᠠᠶᠢᠳ ᠲᠤ ᠳᠠᠭᠠᠭᠠᠯᠭᠠᠭᠰᠠᠨ ᠪᠢᠯᠡ᠃

ᠨᠡᠶᠢᠲᠡᠯᠡᠭᠰᠡᠨ᠄