ᠮᠣᠩᠭᠣᠯ ᠤᠯᠤᠰ ᠪᠦᠭᠦᠳᠡ ᠨᠠᠶᠢᠷᠠᠮᠳᠠᠬᠤ ᠦᠽᠪᠧᠺᠢᠰᠲᠠᠨ ᠤᠯᠤᠰ ᠲᠠᠢ ᠴᠠᠬᠢᠮ ᠵᠠᠰᠠᠭᠯᠠᠯ᠂ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠳᠤ ᠬᠠᠮᠲᠤᠷᠠᠨ ᠠᠵᠢᠯᠯᠠᠨ᠎ᠠ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠊ᠤ ᠲᠥᠷᠥ ᠊ᠢᠢᠨ ᠨᠠᠷᠢᠨ ᠪᠢᠴᠢᠭ ᠤᠨ ᠳᠠᠷᠤᠭ᠎ᠠ ᠪ ∙ ᠪᠠᠲᠤᠴᠡᠴᠡᠭ ᠒᠐᠒᠔ ᠣᠨ ᠊ᠤ ᠐᠖ ᠳ᠋ᠤᠭᠠᠷ ᠰᠠᠷ᠎ᠠ ᠊ᠢᠢᠨ ᠑᠘ ᠍ ᠊ᠤ ᠡᠳᠦᠷ ᠪᠦᠭᠦᠳᠡ ᠨᠠᠶᠢᠷᠠᠮᠳᠠᠬᠤ ᠦᠽᠪᠧᠺᠢᠰᠲᠠᠨ ᠤᠯᠤᠰ ᠤᠨ ᠮᠡᠳᠡᠭᠡᠯᠡᠯ ᠤᠨ ᠲᠧᠭᠨᠣᠯᠣᠭᠢ᠂ ᠬᠠᠷᠢᠯᠴᠠᠭ᠎ᠠ ᠬᠣᠯᠪᠣᠭᠠᠨ ᠊ᠤ ᠬᠥᠭᠵᠢᠯ ᠤᠨ ᠠᠰᠠᠭᠤᠳᠠᠯ ᠡᠷᠬᠢᠯᠡᠭᠰᠡᠨ ᠨᠢᠭᠡᠳᠦᠭᠡᠷ ᠣᠷᠣᠯᠠᠭᠴᠢ ᠰᠠᠶᠢᠳ ᠣᠯᠧᠭ ᠠᠨᠳᠠᠷᠸᠢᠴ ᠫᠧᠺ ᠠᠴᠢ ᠲᠡᠷᠢᠭᠦᠲᠡᠢ ᠲᠥᠯᠥᠭᠡᠯᠡᠭᠴᠢᠳ ᠊ᠢ ᠬᠦᠯᠢᠶᠡᠨ ᠠᠪᠴᠤ ᠠᠭᠤᠯᠵᠠᠪᠠ᠃

ᠠᠭᠤᠯᠵᠠᠯᠲᠠ ᠪᠠᠷ ᠬᠣᠶᠠᠷ ᠣᠷᠣᠨ ᠊ᠤ ᠴᠠᠬᠢᠮ ᠵᠠᠰᠠᠭᠯᠠᠯ᠂ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢᠨ ᠬᠠᠮᠲᠤ ᠊ᠢᠢᠨ ᠠᠵᠢᠯᠯᠠᠭ᠎ᠠ ᠊ᠢᠢ ᠥᠷᠭᠡᠵᠢᠭᠦᠯᠦᠨ ᠬᠥᠭᠵᠢᠭᠦᠯᠬᠦ ᠪᠣᠯᠤᠮᠵᠢ ᠊ᠢᠢᠨ ᠲᠠᠯ᠎ᠠ ᠪᠠᠷ ᠰᠠᠨᠠᠯ ᠰᠣᠯᠢᠯᠴᠠᠯ᠎ᠠ᠃

ᠪᠦᠭᠦᠳᠡ ᠨᠠᠶᠢᠷᠠᠮᠳᠠᠬᠤ ᠦᠽᠪᠧᠺᠢᠰᠲᠠᠨ ᠤᠯᠤᠰ ᠤᠨ ᠮᠡᠳᠡᠭᠡᠯᠡᠯ ᠤᠨ ᠲᠧᠭᠨᠣᠯᠣᠭᠢ᠂ ᠬᠠᠷᠢᠯᠴᠠᠭ᠎ᠠ ᠬᠣᠯᠪᠣᠭᠠᠨ ᠊ᠤ ᠬᠥᠭᠵᠢᠯ ᠤᠨ ᠠᠰᠠᠭᠤᠳᠠᠯ ᠡᠷᠬᠢᠯᠡᠭᠰᠡᠨ ᠨᠢᠭᠡᠳᠦᠭᠡᠷ ᠣᠷᠣᠯᠠᠭᠴᠢ ᠰᠠᠶᠢᠳ ᠣᠯᠧᠭ ᠠᠨᠳᠠᠷᠸᠢᠴ ᠫᠧᠺ ᠠᠴᠢ᠄ ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠬᠡᠷᠡᠭᠵᠢᠭᠦᠯᠵᠦ ᠪᠤᠢ ᠴᠠᠬᠢᠮ ᠰᠢᠯᠵᠢᠯᠲᠡ ᠊ᠢᠢᠨ ᠪᠣᠳᠣᠯᠭ᠎ᠠ᠂ ᠦᠢᠯᠡ ᠠᠵᠢᠯᠯᠠᠭ᠎ᠠ ᠪᠣᠭᠣᠨᠢ ᠬᠤᠭᠤᠴᠠᠭᠠᠨ ᠊ᠳᠤ ᠪᠣᠳᠠᠲᠤ ᠦᠷ᠎ᠡ ᠳᠦᠩ ᠊ᠳᠦ ᠬᠦᠷᠴᠦ ᠪᠠᠶᠢᠭ᠎ᠠ ᠊ᠢᠢ ᠥᠨᠳᠥᠷ ᠊ᠢᠢᠡᠷ ᠦᠨᠡᠯᠡᠵᠦ᠂ ᠴᠢᠨᠠᠭᠰᠢᠳᠠ ᠬᠣᠶᠠᠷ ᠣᠷᠣᠨ ᠊ᠤ ᠮᠡᠳᠡᠭᠡᠯᠡᠯ ᠊ᠤᠨ ᠲᠧᠭᠨᠣᠯᠣᠭᠢ ᠊ᠢᠢᠨ ᠭᠠᠷᠠᠭᠠᠨ ᠊ᠤ ᠪᠢᠽᠢᠨ᠋ᠧᠰ ᠊ᠢ ᠳᠡᠮᠵᠢᠬᠦ᠂ ᠴᠠᠬᠢᠮ ᠡᠳ᠋ ᠍ ᠊ᠢᠢᠨ ᠵᠠᠰᠠᠭ ᠊ᠢ ᠬᠥᠭᠵᠢᠭᠦᠯᠬᠦ ᠳᠦ ᠲᠤᠷᠰᠢᠯᠭ᠎ᠠ ᠰᠣᠯᠢᠯᠴᠠᠨ ᠬᠠᠮᠲᠤᠷᠠᠨ ᠠᠵᠢᠯᠯᠠᠬᠤ ᠰᠣᠨᠢᠷᠬᠠᠯ᠎ᠠ ᠢᠯᠡᠷᠬᠡᠶᠢᠯᠡᠪᠡ᠃



ᠨᠡᠶᠢᠲᠡᠯᠡᠭᠰᠡᠨ᠄