ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠊ᠤ ᠬᠠᠮᠲᠤ ᠣᠯᠠᠨ 《ᠲᠡᠷᠪᠤᠮ ᠮᠣᠳᠣ》 ᠦᠨᠳᠦᠰᠦᠨ ᠊ᠤ ᠬᠥᠳᠡᠯᠭᠡᠭᠡᠨ ᠊ᠳᠦ ᠨᠢᠭᠡᠳᠦᠯ ᠡ


ᠬᠦᠮᠦᠨ ᠪᠦᠷᠢ ᠪᠠᠶᠢᠭᠠᠯᠢ᠂ ᠡᠬᠡ ᠳᠡᠯᠡᠬᠡᠢ ᠪᠡᠨ ᠬᠠᠶᠢᠷᠠᠯᠠᠬᠤ᠂ ᠨᠥᠬᠥᠨ ᠰᠡᠷᠭᠦᠭᠡᠬᠦ᠂ ᠬᠠᠮᠠᠭᠠᠯᠠᠬᠤ ᠊ᠳᠤ ᠭᠠᠷ ᠪᠡᠶ᠎ᠡ ᠤᠷᠤᠯᠴᠠᠬᠤ ᠨᠥᠬᠥᠴᠡᠯ ᠊ᠢ ᠪᠦᠷᠢᠳᠦᠭᠦᠯᠬᠦ᠂ ᠣᠢ ᠊ᠢᠢᠨ ᠰᠠᠨ᠂ ᠨᠣᠭᠣᠭᠠᠨ ᠪᠠᠶᠢᠭᠤᠯᠤᠮᠵᠢ ᠊ᠢᠢ ᠨᠡᠮᠡᠭᠳᠡᠭᠦᠯᠬᠦ ᠴᠢᠭᠯᠡᠯ ᠊ᠢᠢᠡᠷ ᠬᠡᠷᠡᠭᠵᠢᠭᠦᠯᠵᠦ ᠪᠠᠶᠢᠭ᠎ᠠ ᠣᠯᠠᠨ ᠲᠠᠯᠠᠲᠤ ᠠᠵᠢᠯ ᠤᠳ ᠊ᠢ ᠡᠷᠴᠢᠮᠵᠢᠭᠦᠯᠵᠦ᠂ ᠤᠯᠠᠮ ᠊ᠢᠢᠠᠷ ᠦᠨᠳᠦᠰᠦᠨ ᠊ᠤ ᠬᠥᠳᠡᠯᠭᠡᠭᠡᠨ ᠪᠣᠯᠭᠠᠨ ᠥᠷᠨᠢᠭᠦᠯᠬᠦ ᠵᠣᠷᠢᠯᠭ᠎ᠠ ᠪᠠᠷ ᠮᠣᠩᠭᠣᠯ ᠤᠯᠤᠰ ᠤᠨ ᠶᠡᠷᠦᠩᠬᠡᠶᠢᠯᠡᠭᠴᠢ ᠊ᠢᠢᠨ ᠵᠠᠷᠯᠢᠭ ᠊ᠢᠢᠠᠷ ᠦᠨᠳᠦᠰᠦᠨ ᠊ᠤ ᠮᠣᠳᠣ ᠲᠠᠷᠢᠬᠤ ᠡᠳᠦᠷ ᠊ᠢ ᠵᠢᠯ ᠪᠦᠷᠢ ᠵᠣᠬᠢᠶᠠᠨ ᠪᠠᠶᠢᠭᠤᠯᠳᠠᠭ ᠤᠯᠠᠮᠵᠢᠯᠠᠯ ᠲᠠᠢ ᠪᠣᠯᠤᠭᠰᠠᠨ᠃

ᠮᠣᠳᠣ ᠲᠠᠷᠢᠬᠤ ᠦᠨᠳᠦᠰᠦᠨ ᠊ᠤ ᠡᠳᠦᠷ ᠊ᠢᠢᠡᠷ ᠪᠦᠬᠦ ᠨᠡᠶᠢᠲᠡ ᠪᠡᠷ ᠮᠣᠳᠣ᠂ ᠪᠤᠲᠠ᠂ ᠰᠥᠭᠡᠭ᠂ ᠴᠡᠴᠡᠭ ᠲᠠᠷᠢᠬᠤ᠂ ᠴᠢᠨᠠᠭᠰᠢᠳᠠ ᠠᠷᠠᠴᠢᠯᠠᠨ ᠬᠠᠮᠠᠭᠠᠯᠠᠬᠤ ᠊ᠢᠢ ᠢᠷᠭᠡᠳ ᠲᠦ ᠤᠷᠢᠶᠠᠯᠠᠳᠠᠭ ᠤᠯᠠᠮᠵᠢᠯᠠᠯ ᠲᠠᠢ᠃ ᠮᠣᠩᠭᠣᠯ ᠤᠯᠤᠰ ᠤᠨ ᠶᠡᠷᠦᠩᠬᠡᠶᠢᠯᠡᠭᠴᠢ ᠊ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠊ᠤ ᠬᠥᠳᠡᠯᠭᠡᠭᠡᠨ ᠊ᠳᠤ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤᠨ ᠊ᠤ ᠬᠠᠮᠲᠤ ᠣᠯᠠᠨ ᠨᠢᠭᠡᠳᠴᠦ᠂ ᠬᠠᠨ-ᠠᠭᠤᠯᠠ ᠳᠡᠭᠦᠷᠭᠡ ᠊ᠢᠢᠨ ᠑᠔ ᠬᠣᠷᠢᠶᠠᠨ ᠊ᠤ ᠨᠤᠲᠤᠭ ᠳᠡᠪᠢᠰᠬᠡᠷ ᠲᠦ ᠣᠷᠣᠰᠢᠬᠤ ᠲᠦᠷᠭᠡᠨ ᠊ᠤ ᠭᠣᠣᠯ ᠳᠠᠭᠠᠭᠤᠬᠢ 《ᠨᠣᠭᠣᠭᠠᠨ ᠬᠡᠷᠡᠮ》 ᠲᠥᠰᠦᠯ ᠤᠨ ᠪᠠᠶᠢᠷᠢᠰᠢᠯ ᠊ᠳᠤ ᠑᠐᠐᠐ ᠬᠠᠶᠢᠯᠠᠰᠤ᠂ ᠬᠦᠷᠡᠩ ᠮᠣᠨᠣᠰᠣ᠂ ᠰᠢᠷ᠎ᠠ ᠬᠠᠶᠢᠯᠠᠰᠤ᠂ ᠪᠤᠷᠭᠠᠰᠤ᠂ ᠭᠠᠴᠤᠤᠷ ᠮᠣᠳᠣᠨ ᠊ᠤ ᠦᠷᠡᠰᠯᠡᠭᠡ᠂ ᠲᠠᠷᠢᠴᠠ ᠰᠠᠭᠤᠯᠭᠠᠵᠤ᠂ ᠨᠡᠶᠢᠭᠡᠮ ᠤᠨ ᠬᠠᠷᠢᠭᠤᠴᠠᠯᠭ᠎ᠠ ᠊ᠢᠢᠨ ᠬᠦᠷᠢᠶᠡᠨ ᠊ᠳᠦ ᠨᠣᠭᠣᠭᠠᠨ ᠪᠠᠶᠢᠭᠤᠯᠤᠮᠵᠢ ᠊ᠢᠢ ᠨᠡᠮᠡᠭᠳᠡᠭᠦᠯᠬᠦ ᠳᠦ ᠬᠤᠪᠢ ᠨᠡᠮᠡᠷᠢ ᠪᠡᠨ ᠣᠷᠣᠭᠤᠯᠤᠯ᠎ᠠ᠃

ᠨᠡᠶᠢᠲᠡᠯᠡᠭᠰᠡᠨ᠄