ᠮᠡᠳᠡᠭᠡᠯᠡᠯ ᠲᠧᠭᠨᠣᠯᠣᠭᠢ ᠊ᠢᠢᠨ ᠦᠢᠯᠡᠳᠪᠦᠷᠢᠯᠡᠯ ᠊ᠢ ᠨᠢᠭᠡᠳᠦᠭᠰᠡᠨ ᠪᠣᠳᠣᠯᠭ᠎ᠠ ᠪᠠᠷ ᠳᠡᠮᠵᠢᠨ᠎ᠡ


ᠮᠡᠳᠡᠭᠡᠯᠡᠯ ᠤᠨ ᠲᠧᠭᠨᠣᠯᠣᠭᠢ ᠊ᠢᠢᠨ ᠦᠨᠳᠦᠰᠦᠨ ᠊ᠤ ᠦᠢᠯᠡᠳᠪᠦᠷᠢᠯᠡᠯ ᠤᠨ ᠣᠯᠠᠨ ᠤᠯᠤᠰ ᠲᠤ ᠥᠷᠢᠰᠦᠯᠳᠡᠬᠦ ᠴᠢᠳᠠᠮᠵᠢ ᠊ᠢᠢ ᠰᠠᠶᠢᠵᠢᠷᠠᠭᠤᠯᠬᠤ᠂ ᠡᠳ᠋ ᠍ ᠊ᠢᠢᠨ ᠵᠠᠰᠠᠭ ᠲᠤ ᠦᠵᠡᠭᠦᠯᠬᠦ ᠦᠷ᠎ᠡ ᠥᠭᠭᠦᠭᠡᠴᠢ ᠊ᠢᠢ ᠳᠡᠮᠵᠢᠬᠦ᠂ ᠬᠥᠳᠡᠯᠮᠦᠷᠢ ᠊ᠢᠢᠨ ᠵᠠᠬ᠎ᠠ ᠵᠡᠭᠡᠯᠢ ᠳ᠋ᠡᠬᠢ ᠰᠢᠨ᠎ᠡ ᠠᠵᠢᠯ ᠤᠨ ᠪᠠᠶᠢᠷᠢ ᠊ᠢᠢ ᠨᠡᠮᠡᠭᠳᠡᠭᠦᠯᠬᠦ᠂ ᠢᠨᠨᠣᠸᠠᠼ ᠊ᠢ ᠬᠥᠭᠵᠢᠭᠦᠯᠬᠦ ᠵᠣᠷᠢᠯᠭ᠎ᠠ ᠪᠠᠷ ᠮᠣᠩᠭᠣᠯ ᠤᠯᠤᠰ ᠤᠨ ᠵᠠᠰᠠᠭ ᠤᠨ ᠭᠠᠵᠠᠷ ᠡᠴᠠ ᠮᠡᠳᠡᠭᠡᠯᠡᠯ ᠤᠨ ᠲᠧᠭᠨᠣᠯᠣᠭᠢ ᠊ᠢᠢᠨ ᠦᠢᠯᠡᠳᠪᠦᠷᠢᠯᠡᠯ ᠊ᠢ ᠳᠡᠮᠵᠢᠬᠦ ᠲᠤᠬᠠᠢ ᠠᠩᠬᠠᠳᠠᠭᠴᠢ ᠬᠠᠤᠯᠢ ᠊ᠢᠢᠨ ᠲᠥᠰᠥᠯ ᠊ᠢ ᠰᠠᠨᠠᠭᠠᠴᠢᠯᠠᠨ ᠪᠣᠯᠪᠠᠰᠤᠷᠠᠭᠤᠯᠵᠤ ᠡᠨᠡ ᠬᠠᠪᠤᠷ ᠤᠨ ᠴᠢᠭᠤᠯᠭᠠᠨ ᠊ᠢᠢᠠᠷ ᠬᠡᠯᠡᠯᠴᠡᠭᠦᠯᠬᠦ ᠪᠡᠷ ᠪᠡᠯᠡᠳᠬᠡᠯ ᠠᠵᠢᠯ ᠢ ᠬᠠᠩᠭᠠᠵᠤ ᠪᠠᠶᠢᠨ᠎ᠠ᠃

ᠡᠨᠡ ᠬᠦᠷᠢᠶᠡᠨ ᠊ᠳᠦ ᠬᠠᠤᠯᠢ ᠊ᠢᠢᠨ ᠲᠥᠰᠥᠯ ᠤᠨ ᠪᠣᠯᠪᠠᠰᠤᠷᠠᠭᠤᠯᠤᠯᠲᠠ ᠊ᠢᠢ ᠰᠠᠶᠢᠵᠢᠷᠠᠭᠤᠯᠬᠤ᠂ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢᠨ ᠮᠡᠷᠭᠡᠵᠢᠯᠲᠡᠨ᠂ ᠭᠠᠷᠠᠭᠠᠨ ᠊ᠤ ᠪᠢᠽᠢᠨ᠋ᠧᠰ ᠡᠷᠬᠢᠯᠡᠭᠴᠢ᠂ ᠠᠵᠤ ᠠᠬᠤᠢ ᠊ᠢᠢᠨ ᠨᠢᠭᠡᠴᠡ᠂ ᠪᠠᠶᠢᠭᠤᠯᠤᠯᠭ᠎ᠠ ᠊ᠢᠢᠨ ᠲᠥᠯᠥᠭᠡᠯᠡᠯ᠂ ᠢᠨᠵᠧᠨᠧᠷ᠂ ᠲᠧᠭᠨᠣᠯᠣᠭᠢ ᠊ᠢᠢᠨ ᠠᠵᠢᠯᠲᠠᠨ ᠨᠤᠭᠤᠳ ᠤᠨ ᠳᠠᠭᠤᠤ ᠬᠣᠭᠣᠯᠠᠢ ᠊ᠢᠢ ᠰᠤᠨᠤᠰᠬᠤ᠂ ᠲᠡᠳᠡᠨ ᠊ᠤ ᠰᠠᠨᠠᠯ ᠊ᠢ ᠠᠪᠬᠤ ᠵᠣᠷᠢᠯᠭ᠎ᠠ ᠪᠠᠷ ᠬᠠᠤᠯᠢ ᠊ᠢᠢᠨ ᠲᠥᠰᠥᠯ ᠤᠨ ᠬᠡᠯᠡᠯᠴᠡᠭᠦᠯᠭᠡ ᠊ᠢᠢ ᠵᠣᠬᠢᠶᠠᠨ ᠪᠠᠶᠢᠭᠤᠯᠤᠯ᠎ᠠ᠃

ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢᠨ ᠪᠡᠶ᠎ᠡ ᠳᠠᠭᠠᠭᠰᠠᠨ ᠬᠠᠤᠯᠢ ᠡᠷᠬᠡ ᠵᠦᠢ ᠊ᠢᠢᠨ ᠣᠷᠴᠢᠨ ᠊ᠢ ᠪᠣᠯᠪᠠᠰᠤᠷᠠᠩᠭᠤᠢ ᠪᠣᠯᠭᠠᠬᠤ ᠪᠢᠳᠡᠨ ᠊ᠤ ᠰᠠᠨᠠᠭᠠᠴᠢᠯᠠᠭ᠎ᠠ᠂ ᠵᠢᠳᠬᠦᠯ ᠊ᠢ ᠳᠡᠮᠵᠢᠵᠦ ᠪᠠᠶᠢᠭ᠎ᠠ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠭᠣᠮᠪᠣᠵᠠᠪ ᠤᠨ ᠽᠠᠨᠳᠠᠨᠰᠢᠲᠠᠷ ᠲᠠᠨ ᠊ᠳᠤ ᠲᠠᠯᠠᠷᠬᠠᠵᠤ ᠪᠠᠶᠢᠨ᠎ᠠ᠃

ᠣᠯᠠᠨ ᠵᠢᠯ ᠵᠣᠬᠢᠴᠠᠭᠤᠯᠤᠯᠲᠠ ᠦᠭᠡᠢ ᠶᠠᠪᠤᠭᠰᠠᠨ IT ᠰᠠᠯᠪᠤᠷᠢ ᠊ᠢᠢᠨ ᠊ᠢᠢᠠᠨ ᠢᠷᠡᠭᠡᠳᠦᠢ ᠊ᠢᠢᠨ ᠬᠥᠭᠵᠢᠯᠳᠦ ᠰᠠᠨᠠᠭ᠎ᠠ ᠲᠠᠯᠪᠢᠵᠤ᠂ ᠠᠯᠤᠰ ᠤᠨ ᠬᠠᠷᠠᠭ᠎ᠠ ᠪᠠᠨ ᠢᠯᠡᠷᠬᠡᠶᠢᠯᠡᠵᠦ᠂ ᠵᠣᠷᠢᠯᠭ᠎ᠠ ᠪᠠᠨ ᠨᠢᠭᠡᠳᠬᠡᠨ ᠳᠠᠭᠤᠤ ᠬᠣᠭᠣᠯᠠᠢ ᠊ᠢᠢ ᠪᠠᠨ ᠡᠷᠭᠦᠵᠦ ᠪᠤᠢ ᠲᠥᠷᠥ᠂ ᠬᠤᠪ ᠤᠨ ᠬᠡᠪᠰᠢᠯ ᠤᠨ ᠲᠥᠯᠥᠭᠡᠯᠡᠯ ᠤᠳ ᠲᠡᠭᠡᠨ ᠪᠠᠶᠠᠷᠯᠠᠯ᠎ᠠ᠃

ᠥᠨᠥᠳᠥᠷ ᠮᠣᠩᠭᠣᠯ ᠬᠦᠮᠦᠨ ᠊ᠤ ᠮᠡᠳᠡᠯᠭᠡ ᠤᠤᠨ ᠳᠡᠯᠡᠬᠡᠢ ᠊ᠳᠦ ᠦᠨᠡᠯᠡᠭᠳᠡᠵᠦ᠂ ᠮᠡᠳᠡᠭᠡᠯᠡᠯ ᠲᠧᠭᠨᠣᠯᠣᠭᠢ ᠊ᠢᠢᠨ ᠢᠨᠵᠧᠨᠧᠷ ᠤᠳ ᠡᠳ᠋ ᠍ ᠊ᠢᠢᠨ ᠵᠠᠰᠠᠭ ᠤᠨ ᠥᠨᠳᠥᠷ ᠦᠨᠡᠯᠡᠭᠡ ᠲᠡᠢ ᠳᠡᠯᠡᠬᠡᠢ ᠊ᠢᠢᠨ ᠲᠣᠮᠣ ᠺᠣᠮᠫᠠᠨᠢ ᠨᠤᠭᠤᠳ ᠲᠤ ᠠᠵᠢᠯᠯᠠᠵᠤ᠂ ᠶᠡᠬᠡ ᠳᠡᠭᠡᠳᠦ ᠰᠤᠷᠭᠠᠭᠤᠯᠢ ᠨᠤᠭᠤᠳ ᠲᠤ ᠪᠠᠭᠰᠢᠯᠠᠵᠤ ᠪᠠᠶᠢᠨ᠎ᠠ᠃ ᠪᠥᠰᠡ ᠨᠤᠲᠤᠭ ᠤᠨ ᠣᠷᠣᠨ ᠨᠤᠭᠤᠳ ᠪᠣᠯᠬᠤ ᠬᠠᠰᠠᠭᠰᠲ᠋ᠠᠨ᠂ ᠺᠢᠷᠭᠢᠽᠰᠲ᠋ᠠᠨ᠂ ᠦᠽᠪᠧᠺᠰᠲᠠᠨ ᠵᠡᠷᠭᠡ ᠤᠯᠤᠰ ᠲᠤ ᠮᠠᠨ ᠊ᠤ ᠰᠠᠯᠪᠤᠷᠢ ᠊ᠢᠢᠨ ᠵᠠᠯᠠᠭᠤᠴᠤᠳ ᠨᠤᠲᠤᠭᠰᠢᠵᠤ ᠠᠮᠵᠢᠯᠲᠠ ᠲᠠᠢ ᠡᠺᠰᠫᠣᠷᠲ ᠬᠢᠵᠦ ᠪᠠᠶᠢᠨ᠎ᠠ. E-Mongolia᠂ E-Barimt᠂ ᠬᠤᠷᠳᠤᠨ ᠴᠡᠭ ᠵᠡᠷᠭᠡ ᠲᠥᠷᠥ ᠊ᠢᠢᠨ ᠦᠢᠯᠡᠴᠢᠯᠡᠭᠡᠨ ᠊ᠤ ᠴᠠᠬᠢᠮ ᠰᠢᠯᠵᠢᠯᠲᠡ ᠳᠡᠯᠡᠬᠡᠢ ᠊ᠢᠢᠨ ᠥᠨᠴᠥᠭ ᠪᠤᠯᠤᠨ ᠪᠦᠷᠢ ᠊ᠳᠦ ᠵᠢᠱᠢᠭ ᠪᠣᠯᠵᠤ᠂ ᠣᠯᠠᠨ ᠤᠯᠤᠰ ᠤᠨ ᠱᠠᠩᠨᠠᠯ ᠤᠳ ᠊ᠢ ᠤᠳᠠᠭ᠎ᠠ ᠳᠠᠷᠠᠭᠠᠯᠠᠨ ᠬᠦᠷᠲᠡᠵᠦ ᠪᠠᠶᠢᠨ᠎ᠠ᠃

ᠡᠨᠡ ᠠᠮᠵᠢᠯᠲᠠ ᠪᠠᠨ ᠪᠢᠳᠡ ᠪᠠᠲᠤᠳᠬᠠᠵᠤ᠂ ᠮᠣᠩᠭᠣᠯ ᠊ᠳᠤ ᠪᠠᠨ ᠴᠢᠳᠠᠪᠤᠷᠢᠯᠢᠭ ᠵᠠᠯᠠᠭᠤᠴᠤᠳ ᠊ᠢᠢᠠᠨ ᠲᠣᠭᠲᠠᠭᠠᠬᠤ᠂ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠊ᠢᠢ ᠬᠥᠭᠵᠢᠭᠦᠯᠵᠦ᠂ ᠪᠠᠶᠢᠭᠠᠯ ᠤᠨ ᠰᠢᠪᠬᠠᠭᠳᠠᠬᠤ ᠪᠠᠶᠠᠯᠢᠭ ᠳᠠᠭᠤᠰᠤᠭᠰᠠᠨ ᠊ᠤ ᠳᠠᠷᠠᠭ᠎ᠠ ᠡᠳ᠋ ᠍᠊ᠢᠢᠨ ᠵᠠᠰᠠᠭ ᠲᠤ ᠪᠣᠳᠠᠲᠠᠢ ᠬᠤᠪᠢ ᠨᠡᠮᠡᠷᠢ ᠣᠷᠣᠭᠤᠯᠵᠤ᠂ ᠨᠡᠭᠦᠷᠡᠰᠦ ᠵᠡᠰ ᠊ᠢ ᠤᠷᠤᠯᠠᠬᠤ ᠴᠢᠳᠠᠪᠤᠷᠢ ᠲᠠᠢ ᠦᠢᠯᠡᠳᠪᠦᠷᠢ ᠊ᠢᠢᠨ ᠰᠢᠨ᠎ᠡ ᠰᠠᠯᠪᠤᠷᠢ ᠊ᠢᠢ ᠥᠨᠥᠳᠥᠷ ᠡᠴᠡ ᠬᠥᠯ ᠳᠡᠭᠡᠷ᠎ᠡ ᠨᠢ ᠪᠣᠰᠬᠠᠵᠤ᠂ ᠢᠷᠡᠭᠡᠳᠦᠢ ᠬᠣᠶᠢᠴᠢ ᠦᠶᠡᠳᠡᠭᠡ ᠠᠵᠢᠯ ᠲᠠᠢ᠂ ᠣᠷᠣᠯᠭ᠎ᠠ ᠲᠠᠢ᠂ ᠲᠣᠭᠲᠠᠪᠤᠷᠢᠲᠠᠢ ᠬᠥᠭᠵᠢᠯᠲᠡᠢ ᠤᠯᠤᠰ ᠊ᠢ ᠥᠪᠯᠡᠭᠦᠯᠦᠨ ᠦᠯᠡᠳᠡᠭᠡᠬᠦ ᠳᠦ ᠥᠨᠥᠳᠥᠷ ᠡᠴᠡ ᠠᠩᠬ᠎ᠠ ᠪᠠᠷ ᠬᠢ ᠶᠣᠰᠣᠲᠠᠢ᠃

ᠨᠡᠶᠢᠲᠡᠯᠡᠭᠰᠡᠨ᠄