ᠮᠣᠩᠭᠣᠯ ᠤᠯᠤᠰ ᠤᠨ ᠶᠡᠷᠦᠩᠬᠡᠢ ᠰᠠᠶᠢᠳ ᠯ ∙ ᠣᠶᠤᠨ-ᠡᠷᠳᠡᠨᠢ ᠡᠭᠡᠯᠵᠢᠲᠦ ᠥᠷᠯᠥᠭᠡᠨ ᠊ᠤ ᠠᠭᠤᠯᠵᠠᠯᠲᠠ ᠪᠠᠨ E-Mongolia ᠍ ᠊ᠢᠢᠨ ᠬᠠᠮᠲᠤ ᠣᠯᠠᠨ ᠲᠠᠢ ᠥᠷᠨᠢᠭᠦᠯᠵᠦ ᠪᠠᠶᠢᠨ᠎ᠠ᠃ ᠡᠨᠡ ᠦᠶ᠎ᠡ ᠪᠡᠷ ᠼᠠ᠊ ᠬᠥ᠊ ᠬᠠ᠊ ᠬᠣ᠊-᠊ᠤ ᠰᠠᠶᠢᠳ ᠨ ∙ ᠤᠴᠠᠷᠠᠯ ᠪᠣᠯᠤᠨ 《ᠢ-ᠮᠣᠩᠭᠣᠯ ᠠᠺᠠᠳᠧᠮᠢ》 ᠤ᠊ ᠲᠥ᠊ ᠦ᠊ ᠭᠠ᠊- ᠍ᠤᠨ ᠵᠠᠬᠢᠷᠤᠯ ᠪ ∙ ᠮᠢᠭᠮᠠᠷᠨᠠᠷᠠᠨ ᠨᠠᠷ 《E-Mongolia》 ᠰᠢᠰᠲ᠋ᠧᠮ ᠤᠨ ᠰᠢᠨᠡᠴᠢᠯᠡᠯ ᠊ᠢ ᠲᠠᠨᠢᠯᠴᠠᠭᠤᠯᠤᠯ᠎ᠠ᠃ ᠬᠢᠮᠡᠯ ᠣᠶᠤᠨ ᠤᠬᠠᠭᠠᠨ ᠢ ᠠᠰᠢᠭᠯᠠᠨ ᠢᠯᠡᠭᠦᠦ ᠪᠣᠯᠪᠠᠰᠤᠷᠠᠩᠭᠤᠢ᠂ ᠬᠦᠷᠲᠡᠭᠡᠮᠵᠢ ᠲᠡᠢ ᠦᠢᠯᠡᠴᠢᠯᠡᠭᠡ ᠊ᠢᠢ ᠡᠷᠬᠢᠮᠯᠡᠬᠦ ᠪᠥᠭᠡᠳ ᠵᠥᠪᠬᠡᠨ ᠦᠢᠯᠡᠴᠢᠯᠡᠭᠡᠨ ᠊ᠤ ᠲᠣᠭ᠎ᠠ ᠊ᠢᠢ ᠨᠡᠮᠡᠬᠦ ᠡᠴᠡ ᠭᠠᠳᠠᠨ᠎ᠠ ᠬᠡᠷᠡᠭᠯᠡᠭᠡ ᠊ᠢᠢ ᠬᠢᠯᠪᠠᠷᠴᠢᠯᠠᠬᠤ ᠊ᠳᠤ ᠭᠣᠣᠯᠴᠢᠯᠠᠨ ᠠᠩᠬᠠᠷᠤᠭᠰᠠᠨ ᠨᠢ 《᠔.᠐》 ᠰᠢᠨᠡᠴᠢᠯᠡᠯ ᠤᠨ ᠣᠨᠴᠠᠯᠢᠭ ᠶᠤᠮ᠃

ᠮᠥᠨ ᠶᠡᠷᠦᠩᠬᠡᠢ ᠰᠠᠶᠢᠳ ᠯ ∙ ᠣᠶᠤᠨ-ᠡᠷᠳᠡᠨᠢ 《E-Mongolia ᠔.0》 ᠰᠢᠰᠲ᠋ᠧᠮ ᠤᠨ ᠰᠢᠨᠡᠴᠢᠯᠡᠯ ᠲᠡᠢ ᠬᠣᠯᠪᠣᠭᠳᠠᠭᠤᠯᠤᠨ ᠬᠡᠯᠡᠭᠰᠡᠨ ᠦᠭᠡᠨ ᠊ᠳᠦ ᠪᠡᠨ ᠳᠠᠷᠠᠭᠠᠬᠢ ᠰᠠᠨᠠᠯ ᠤᠳ ᠊ᠢ ᠢᠯᠡᠷᠬᠡᠶᠢᠯᠡᠯ᠎ᠡ᠃ ᠡᠭᠦᠨ ᠊ᠳᠦ᠄
-ᠮᠣᠩᠭᠣᠯ ᠤᠯᠤᠰ ᠤᠨ ᠨᠢᠭᠡᠳᠦᠭᠰᠡᠨ ᠫᠯᠠᠲ᠋ᠹᠣᠷᠮ ᠊ᠢ ᠬᠥᠭᠵᠢᠭᠦᠯᠬᠦ᠂
-ᠤᠯᠠᠭᠠᠨᠪᠠᠭᠠᠲᠤᠷ ᠬᠣᠲᠠ ᠊ᠢᠢᠨ ᠨᠡᠶᠢᠲᠡ ᠊ᠢᠢᠨ ᠲᠡᠭᠡᠭᠡᠪᠦᠷᠢ᠂ ᠬᠠᠶ᠋ᠢᠭᠵᠢᠯᠲᠡ᠂ ᠲᠥᠷᠦ ᠊ᠢᠢᠨ ᠦᠢᠯᠡᠴᠢᠯᠡᠭᠡ ᠵᠡᠷᠭᠡ ᠠᠰᠠᠭᠤᠳᠠᠯ ᠤᠳ ᠊ᠢ ᠨᠡᠶᠢᠰᠯᠡᠯ ᠦᠨ ᠵᠠᠰᠠᠭ ᠳᠠᠷᠤᠭ᠎ᠠ ᠊ᠢᠢᠨ ᠲᠠᠮᠠᠭ᠎ᠠ ᠊ᠢᠢᠨ ᠭᠠᠵᠠᠷ ᠲᠠᠢ ᠬᠠᠮᠲᠤᠷᠠᠨ ᠰᠢᠢᠳᠪᠦᠷᠢᠯᠡᠬᠦ᠂
-ᠡᠷᠡᠭᠦᠯ ᠮᠡᠨᠳᠦ ᠶᠢᠨ ᠰᠠᠯᠪᠤᠷᠢ ᠶᠢᠨ ᠴᠠᠬᠢᠮ ᠰᠢᠯᠵᠢᠯᠲᠡ ᠶᠢ ᠬᠠᠮᠲᠤᠷᠠᠨ ᠬᠢᠬᠦ
-ᠲᠥᠷᠥ ᠶᠢᠨ ᠪᠠᠶᠢᠭᠤᠯᠤᠯᠭ᠎ᠠ ᠨᠤᠭᠤᠳ ᠤᠨ ᠪᠢᠴᠢᠭ ᠴᠠᠭᠠᠰᠤ ᠰᠣᠯᠢᠯᠴᠠᠭ᠎ᠠ ᠶᠢ ᠴᠠᠬᠢᠮᠵᠢᠭᠤᠯᠬᠤ᠂
-ᠲᠥᠯᠦᠪᠦᠷᠢ ᠲᠣᠭᠠᠴᠠᠭᠠᠨ ᠤ ᠨᠢᠭᠡᠳᠦᠭᠰᠡᠨ ᠰᠢᠰᠲ᠋ᠧᠮ ᠦᠨ ᠰᠢᠢᠳᠦᠯ ᠢ E-Mongolia ᠍ ᠶᠢ ᠲᠦᠰᠢᠭᠯᠡᠨ ᠲᠥᠷᠦ᠂ ᠬᠤᠪ ᠤᠨ ᠬᠡᠪᠰᠢᠯ ᠬᠠᠮᠲᠤᠷᠠᠨ ᠪᠣᠯᠪᠠᠰᠤᠷᠠᠭᠤᠯᠬᠤ ᠵᠡᠷᠭᠡ ᠰᠠᠨᠠᠯ ᠤᠳ ᠢ ᠬᠡᠯᠡᠯ᠎ᠡ᠃

ᠮᠥᠨ ᠪᠦᠬᠦ ᠨᠡᠶᠢᠲᠡ ᠊ᠢᠢᠨ ᠴᠠᠬᠢᠮ ᠤᠷ᠎ᠠ ᠴᠢᠳᠠᠪᠤᠷᠢ ᠊ᠢᠢ ᠳᠡᠮᠵᠢᠬᠦ ᠠᠶᠠᠨ ᠊ᠢ ᠦᠨᠳᠦᠰᠦᠨ ᠊ᠤ ᠬᠡᠮᠵᠢᠶᠡᠨ ᠊ᠳᠦ ᠥᠷᠨᠢᠭᠦᠯᠬᠦ᠂ ᠲᠥᠷᠥ ᠊ᠢᠢᠨ ᠪᠠᠶᠢᠭᠤᠯᠤᠯᠭ᠎ᠠ ᠊ᠢᠢᠨ ᠦᠢᠯᠡ ᠠᠵᠢᠯᠯᠠᠭᠠᠨ ᠊ᠳᠤ ᠴᠠᠬᠢᠮ ᠰᠢᠢᠳᠦᠯ ᠢ ᠡᠷᠬᠢᠮᠯᠡᠬᠦ ᠵᠡᠷᠭᠡ ᠰᠠᠨᠠᠭᠠᠴᠢᠯᠭ᠎ᠠ ᠨᠤᠭᠤᠳ ᠊ᠢ ᠮᠣᠩᠭᠣᠯ ᠤᠯᠤᠰ ᠤᠨ ᠽᠠ ᠭᠠ᠊ ᠳᠡᠮᠵᠢᠵᠦ ᠠᠵᠢᠯᠯᠠᠬᠤ ᠪᠠᠨ ᠢᠯᠡᠷᠬᠡᠶᠢᠯᠡᠯ᠎ᠡ᠃
