ᠮᠣᠩᠭᠣᠯ ᠤᠯᠤᠰ ᠤᠨ ᠵᠠᠰᠠᠭ ᠤᠨ ᠭᠠᠵᠠᠷ ᠤᠨ ᠬᠤᠷᠠᠯᠳᠤᠭᠠᠨ ᠊ᠢᠢᠠᠷ 《ᠶᠡᠬᠡ ᠥᠭᠭᠥᠭᠳᠡᠯ ᠤᠨ (Big data) ᠰᠠᠨ》 ᠡᠭᠦᠰᠭᠡᠬᠦ ᠲᠤᠬᠠᠢ ᠲᠣᠭᠲᠠᠭᠠᠯ ᠤᠨ ᠲᠥᠰᠥᠯ ᠊ᠢ ᠬᠡᠯᠡᠯᠴᠡᠨ ᠪᠠᠲᠤᠯᠠᠯ᠎ᠠ


ᠳᠡᠯᠡᠬᠡᠢ ᠊ᠢᠢᠨ ᠤᠯᠤᠰ ᠣᠷᠣᠨ ᠨᠤᠭᠤᠳ ᠲᠥᠷᠦ ᠊ᠢᠢᠨ ᠶᠡᠬᠡ ᠥᠭᠭᠥᠭᠳᠡᠯ ᠤᠨ ᠮᠡᠳᠡᠭᠡᠯᠡᠯ ᠤᠨ ᠰᠠᠩ ᠊ᠢ ᠪᠦᠷᠢᠳᠦᠭᠦᠯᠵᠦ᠂ ᠪᠣᠳᠣᠯᠭ᠎ᠠ ᠪᠣᠯᠪᠠᠰᠤᠷᠠᠭᠤᠯᠬᠤ᠂ ᠰᠢᠢᠳᠪᠦᠷᠢ ᠭᠠᠷᠭᠠᠬᠤ ᠊ᠳᠤ ᠠᠰᠢᠭᠯᠠᠨ ᠴᠠᠭ ᠬᠤᠭᠤᠴᠠᠭ᠎ᠠ᠂ ᠬᠥᠷᠦᠩᠭᠡ᠂ ᠬᠦᠮᠦᠨ ᠬᠦᠴᠦ ᠵᠡᠷᠭᠡ ᠨᠥᠭᠡᠴᠡ ᠊ᠢᠢ ᠬᠡᠮᠨᠡᠬᠦ᠂ ᠬᠤᠪᠢᠶᠠᠷᠢᠯᠠᠯᠲᠠ ᠊ᠢᠢ ᠣᠨᠣᠪᠴᠢᠲᠠᠢ ᠪᠣᠯᠭᠠᠬᠤ ᠵᠠᠮ ᠊ᠢᠢᠠᠷ ᠦᠨᠳᠦᠰᠦᠨ ᠊ᠤ ᠡᠳ᠋ ᠍᠊ᠢᠢᠨ ᠵᠠᠰᠠᠭ ᠤᠨ ᠦᠷ᠎ᠡ ᠠᠰᠢᠭ ᠢ ᠨᠡᠮᠡᠭᠳᠡᠭᠦᠯᠵᠦ ᠪᠠᠶᠢᠨ᠎ᠠ᠃

ᠴᠠᠬᠢᠮ ᠰᠢᠯᠵᠢᠯᠲᠡ ᠬᠤᠷᠳᠤᠴᠠ ᠲᠠᠢ ᠥᠷᠨᠢᠵᠦ᠂ ᠮᠧᠳᠡᠭᠡᠯᠡᠯ ᠤᠨ ᠲᠧᠭᠨᠣᠯᠣᠭᠢ᠂ ᠲᠡᠭᠦᠨ ᠊ᠤ ᠬᠡᠷᠡᠭᠯᠡᠭᠡ ᠤᠯᠠᠮ ᠪᠦᠷ ᠲᠡᠯᠡᠭᠰᠡᠭᠡᠷ ᠪᠠᠶᠢᠭ᠎ᠠ ᠮᠠᠨ ᠊ᠤ ᠤᠯᠤᠰ ᠲᠤ ᠨᠡᠶᠢᠭᠡᠮ ᠤᠨ ᠰᠠᠯᠪᠤᠷᠢ ᠪᠦᠷᠢ ᠊ᠢᠢᠨ ᠶᠡᠬᠡ ᠥᠭᠭᠥᠭᠳᠡᠯ ᠤᠨ ᠮᠡᠳᠡᠭᠡᠯᠡᠯ ᠴᠤᠭᠯᠠᠷᠠᠭᠰᠠᠭᠠᠷ ᠪᠠᠶᠢᠭ᠎ᠠ ᠪᠥᠭᠡᠳ ᠲᠡᠭᠦᠨ ᠊ᠢ ᠪᠣᠯᠪᠠᠰᠤᠷᠠᠭᠤᠯᠵᠤ ᠲᠥᠷᠥ ᠬᠤᠪ ᠤᠨ ᠬᠡᠪᠰᠢᠯ ᠤᠨ ᠦᠢᠯᠡ ᠠᠵᠢᠯᠯᠠᠭ᠎ᠠ᠂ ᠰᠢᠢᠳᠪᠦᠷᠢ ᠭᠠᠷᠭᠠᠯᠲᠠ ᠊ᠳᠤ ᠠᠰᠢᠭᠯᠠᠬᠤ᠂ ᠤᠬᠠᠭᠠᠯᠢᠭ᠂ ᠣᠨᠣᠪᠴᠢᠲᠠᠢ᠂ ᠰᠢᠨᠵᠢᠯᠡᠬᠦ ᠤᠬᠠᠭᠠᠨᠴᠢ ᠰᠢᠢᠳᠪᠦᠷᠢ ᠭᠠᠷᠭᠠᠬᠤ ᠨᠢ ᠴᠢᠬᠤᠯᠠ ᠠᠴᠢ ᠬᠣᠯᠪᠣᠭᠳᠠᠯ ᠲᠠᠢ ᠶᠤᠮ᠃

ᠮᠣᠩᠭᠣᠯ ᠤᠯᠤᠰ ᠤᠨ ᠬᠤᠪᠢ ᠊ᠳᠤ ᠲᠥᠷᠦ ᠊ᠢᠢᠨ ᠪᠠᠶᠢᠭᠤᠯᠤᠯᠭ᠎ᠠ ᠨᠤᠭᠤᠳ ᠬᠠᠤᠯᠢ ᠪᠠᠷ ᠣᠯᠭᠤᠭᠰᠠᠨ ᠡᠷᠬᠡ᠂ ᠡᠭᠦᠷᠭᠡ ᠊ᠢᠢᠨ ᠬᠦᠷᠢᠶᠡᠨ ᠊ᠳᠦ ᠰᠠᠯᠪᠤᠷᠢ ᠊ᠢᠢᠨ ᠬᠡᠮᠵᠢᠶᠡᠨ ᠊ᠳᠦ ᠠᠩᠬᠠᠳᠠᠭᠴᠢ ᠮᠡᠳᠡᠭᠡᠯᠡᠯ ᠊ᠢ ᠪᠦᠷᠢᠳᠦᠭᠦᠯᠬᠦ᠂ ᠪᠦᠷᠢᠳᠬᠡᠯ ᠮᠡᠳᠡᠭᠡᠯᠡᠯ ᠬᠥᠲᠥᠯᠬᠦ ᠴᠢᠭᠯᠡᠯ ᠊ᠢᠢᠡᠷ ᠥᠪᠡᠷᠰᠡᠳ ᠤᠨ ᠨᠥᠭᠡᠴᠡ ᠪᠣᠯᠤᠮᠵᠢ᠂ ᠴᠢᠳᠠᠪᠬ᠎ᠠ ᠊ᠢᠢᠨ ᠬᠡᠮᠵᠢᠶᠡᠨ ᠊ᠳᠦ ᠮᠡᠳᠡᠭᠡᠯᠡᠯ ᠤᠨ ᠰᠠᠩ ᠊ᠢ ᠪᠦᠷᠢᠳᠦᠭᠦᠯᠵᠦ ᠪᠠᠶᠢᠨ᠎ᠠ᠃

ᠲᠥᠷᠦ ᠊ᠢᠢᠨ ᠪᠠᠶᠢᠭᠤᠯᠤᠯᠭ᠎ᠠ ᠨᠤᠭᠤᠳ ᠤᠨ ᠪᠦᠷᠢᠳᠦᠭᠦᠯᠵᠦ᠂ ᠠᠰᠢᠭᠯᠠᠵᠤ ᠪᠤᠢ ᠥᠭᠭᠥᠭᠳᠡᠯ᠂ ᠮᠡᠳᠡᠭᠡᠯᠡᠯ ᠊ᠢ ᠨᠢᠭᠡᠳᠬᠡᠨ᠂ ᠨᠥᠬᠥᠴᠡᠯ ᠪᠠᠶᠢᠳᠠᠯ ᠊ᠢ ᠳ᠋ᠦᠩᠨᠡᠬᠦ᠂ ᠦᠨᠡᠯᠡᠭᠡᠨ ᠊ᠤ ᠦᠷ᠎ᠡ ᠳ᠋ᠦᠩ ᠊ᠳᠦ ᠶᠡᠬᠡ ᠥᠭᠭᠥᠭᠳᠡᠯ ᠪᠤᠢ ᠪᠣᠯᠭᠠᠬᠤ ᠊ᠳᠤ ᠱᠠᠭᠠᠷᠳᠠᠯᠭ᠎ᠠ ᠲᠠᠢ ᠠᠷᠭ᠎ᠠ᠂ ᠬᠡᠷᠡᠭᠰᠡᠯ ᠊ᠢ ᠲᠣᠳᠣᠷᠬᠠᠶᠢᠯᠠᠬᠤ ᠵᠣᠷᠢᠯᠭ᠎ᠠ ᠪᠠᠷ 《ᠶᠡᠬᠡ ᠥᠭᠭᠥᠭᠳᠡᠯ ᠤᠨ (big data) ᠰᠠᠨ》 ᠡᠭᠦᠰᠬᠡᠬᠦ ᠲᠤᠬᠠᠢ ᠰᠢᠢᠳᠪᠦᠷᠢ ᠊ᠢᠢ ᠮᠣᠩᠭᠣᠯ ᠤᠯᠤᠰ ᠤᠨ ᠵᠠᠰᠠᠭ ᠤᠨ ᠭᠠᠵᠠᠷ ᠡᠶᠢᠨᠬᠦᠦ ᠭᠠᠷᠭᠠᠯ᠎ᠠ᠃

ᠰᠲ᠋ᠠᠲ᠋ᠢᠰᠲ᠋ᠢᠺ ᠤᠨ ᠮᠡᠳᠡᠭᠡᠯᠡᠯ ᠊ᠳᠦ ᠦᠨᠳᠦᠰᠦᠯᠡᠨ ᠨᠡᠶᠢᠭᠡᠮ ᠡᠳ᠋ ᠍ ᠊ᠢᠢᠨ ᠵᠠᠰᠠᠭ ᠤᠨ ᠬᠡᠮᠵᠢᠶᠡᠨ ᠊ᠳᠦ ᠪᠣᠳᠣᠯᠭ᠎ᠠ ᠊ᠢᠢᠨ ᠰᠢᠢᠳᠪᠦᠷᠢ ᠭᠠᠷᠭᠠᠬᠤ ᠦᠨᠳᠦᠰᠦᠯᠡᠯ ᠪᠣᠯᠭᠠᠳᠠᠭ᠃ ᠪᠢᠭ ᠳᠠᠲ᠋ᠠ ᠡᠭᠦᠰᠬᠡᠬᠦ ᠳᠦ ᠪᠡᠨ ᠲᠤᠬᠠᠢ ᠊ᠢᠢᠨ ᠢᠷᠭᠡᠨ ᠊ᠢ ᠲᠣᠳᠣᠷᠬᠠᠶᠢᠯᠠᠬᠤ ᠪᠣᠯᠤᠮᠵᠢ ᠦᠭᠡᠢ ᠪᠣᠯᠭᠠᠵᠤ ᠲᠥᠷᠦ ᠊ᠢᠢᠨ ᠪᠠᠶᠢᠭᠤᠯᠤᠯᠭ᠎ᠠ ᠨᠤᠭᠤᠳ ᠤᠨ ᠪᠤᠰᠤᠳ ᠮᠡᠳᠡᠭᠡᠯᠡᠯ ᠲᠡᠢ ᠬᠣᠯᠪᠣᠭᠰᠠᠨ ᠊ᠢᠢᠠᠷ ᠲᠥᠷᠦ ᠡᠴᠡ ᠭᠠᠷᠭᠠᠵᠤ ᠪᠠᠶᠢᠭ᠎ᠠ ᠵᠠᠷᠢᠮ ᠰᠢᠢᠳᠪᠦᠷᠢ ᠊ᠢᠢ ᠤᠷᠢᠳᠴᠢᠯᠠᠨ ᠰᠢᠨᠵᠢᠯᠡᠬᠦ᠂ ᠳ᠋ᠦᠩᠨᠡᠬᠦ ᠪᠣᠯᠤᠮᠵᠢ ᠊ᠢᠢ ᠬᠢᠮᠡᠯ ᠣᠶᠤᠨ ᠠᠰᠢᠭᠯᠠᠵᠤ ᠲᠣᠭᠠᠴᠠᠬᠤ ᠤᠷᠢᠳᠴᠢᠯᠠᠭᠰᠠᠨ ᠨᠥᠬᠥᠴᠡᠯ ᠊ᠢ ᠪᠦᠷᠢᠳᠦᠭᠦᠯᠦᠨ᠎ᠡ ᠭᠡᠰᠡᠨ ᠦᠭᠡ᠃ ᠬᠦᠮᠦᠨ ᠊ᠤ ᠬᠤᠪ ᠤᠨ ᠮᠡᠳᠡᠭᠡᠯᠡᠯ ᠬᠠᠮᠠᠭᠠᠯᠠᠬᠤ ᠲᠤᠬᠠᠢ ᠬᠠᠤᠯᠢ ᠪᠠᠷ 《᠖.᠒.᠕.ᠬᠦᠮᠦᠨ ᠊ᠢ ᠲᠣᠳᠣᠷᠬᠠᠶᠢᠯᠠᠬᠤ ᠪᠣᠯᠤᠮᠵᠢ ᠦᠭᠡᠢ ᠪᠣᠯᠭᠠᠵᠤ ᠰᠲ᠋ᠠᠲ᠋ᠢᠰᠲ᠋ᠢᠺ ᠤᠨ ᠮᠡᠳᠡᠭᠡᠯᠡᠯ ᠪᠡᠯᠡᠳᠬᠡᠬᠦ.》 ᠭᠡᠵᠦ ᠵᠢᠭᠠᠭᠰᠠᠨ ᠪᠠᠶᠢᠳᠠᠭ᠃ ᠡᠨᠡ ᠬᠠᠤᠯᠢ ᠊ᠢᠢᠨ ᠬᠦᠷᠢᠶᠡᠨ ᠊ᠳᠦ ᠮᠡᠳᠡᠭᠡᠯᠡᠯ ᠤᠨ ᠡᠵᠡᠨ ᠊ᠢ ᠲᠣᠳᠣᠷᠬᠠᠶᠢᠯᠠᠬᠤ ᠪᠣᠯᠤᠮᠵᠢ ᠦᠭᠡᠢ ᠪᠠᠶᠢᠳᠠᠯ ᠊ᠢᠢᠠᠷ ᠥᠭᠭᠥᠭᠳᠡᠯ ᠤᠨ ᠰᠠᠨ ᠡᠭᠦᠰᠬᠡᠬᠦ ᠊ᠢ ᠼᠠ᠊ ᠬᠥ᠊ ᠬᠠ᠊ ᠬᠣ᠊ ᠶᠠ᠊᠂ ᠢ-ᠮᠣᠩᠭᠣᠯ ᠠᠺᠠᠳᠧᠮᠢ ᠊ᠳᠤ ᠮᠣᠩᠭᠣᠯ ᠤᠯᠤᠰ ᠤᠨ ᠶᠡᠷᠦᠩᠬᠡᠢ ᠰᠠᠶᠢᠳ ᠯ ∙ ᠣᠠᠨ-ᠡᠷᠳᠡᠨᠢ ᠡᠭᠦᠷᠭᠡ ᠪᠣᠯᠭᠠᠯ᠎ᠠ᠃

ᠶᠡᠬᠡ ᠥᠭᠭᠥᠭᠳᠡᠯ ᠤᠨ ᠰᠠᠨ ᠡᠭᠦᠰᠬᠡᠵᠦ ᠮᠡᠳᠡᠭᠡᠯᠡᠯ ᠊ᠳᠦ ᠳ᠋ᠦᠩᠨᠡᠯᠲᠡ ᠬᠢᠵᠦ ᠰᠢᠢᠳᠪᠦᠷᠢ ᠭᠠᠷᠭᠠᠯᠲᠠ ᠊ᠳᠤ ᠠᠰᠢᠭᠯᠠᠳᠠᠭ ᠳᠡᠯᠡᠬᠡᠢ ᠊ᠢᠢᠨ ᠤᠯᠤᠰ ᠣᠷᠣᠨ ᠨᠤᠭᠤᠳ ᠤᠨ ᠰᠠᠶᠢᠨ ᠵᠢᠱᠢᠶ᠎ᠡ ᠊ᠢᠢ ᠳᠤᠷᠠᠳᠪᠠᠯ ᠠᠦᠢᠰᠲᠷᠠᠯᠢᠶ᠎ᠠ ᠤᠯᠤᠰ ᠒᠐᠑᠕ ᠣᠨ ᠊ᠳᠤ ᠗ ᠪᠠᠶᠢᠭᠤᠯᠤᠯᠭ᠎ᠠ (ᠡᠷᠡᠭᠦᠯ ᠮᠡᠨᠳᠦ᠂ ᠪᠣᠯᠪᠠᠰᠤᠷᠠᠯ᠂ ᠵᠠᠰᠠᠭ ᠤᠨ ᠭᠠᠵᠠᠷ ᠤᠨ ᠲᠥᠯᠥᠪᠦᠷᠢ᠂ ᠣᠷᠣᠯᠭ᠎ᠠ᠂ ᠬᠥᠳᠡᠯᠮᠦᠷᠢ ᠡᠷᠬᠢᠯᠡᠯᠲᠡ᠂ ᠬᠦᠮᠦᠨ ᠠᠮᠠ ᠵᠡᠷᠭᠡ) ᠍ ᠤᠨ ᠑᠘ ᠥᠭᠭᠥᠭᠳᠡᠯ ᠤᠨ ᠰᠠᠩ ᠊ᠢ ᠨᠢᠭᠡᠳᠬᠡᠵᠦ ᠬᠠᠯᠠᠮᠵᠢ ᠊ᠢᠢᠨ ᠨᠥᠯᠥᠭᠡ ᠪᠣᠯᠤᠨ ᠵᠠᠰᠠᠭ ᠤᠨ ᠭᠠᠵᠠᠷ ᠤᠨ ᠳᠡᠮᠵᠢᠯᠭᠡ᠂ ᠨᠡᠶᠢᠭᠡᠮ ᠤᠨ ᠬᠠᠮᠠᠭᠠᠯᠠᠯ ᠤᠨ ᠪᠣᠳᠣᠯᠭ᠎ᠠ ᠊ᠳᠤ ᠠᠰᠢᠭᠯᠠᠭᠰᠠᠨ ᠪᠠᠶᠢᠨ᠎ᠠ᠃ ᠮᠥᠨ ᠰᠣᠯᠣᠩᠭᠣᠰ ᠤᠯᠤᠰ ᠒᠐᠑᠗ ᠣᠨ ᠊ᠳᠤ ᠲᠠᠲᠠᠪᠤᠷᠢ᠂ ᠡᠷᠡᠭᠦᠯ ᠮᠡᠨᠳᠦ᠂ ᠬᠠᠯᠠᠮᠵᠢ᠂ ᠲᠡᠳᠬᠦᠪᠦᠷᠢ ᠊ᠢᠢᠨ ᠮᠡᠳᠡᠭᠡᠯᠡᠯ ᠤᠨ ᠰᠠᠩ ᠤᠨ ᠥᠭᠭᠥᠭᠳᠡᠯ ᠊ᠢ ᠨᠢᠭᠡᠳᠬᠡᠨ ᠠᠮᠢᠵᠢᠷᠭᠠᠨ ᠊ᠤ ᠲᠦᠪᠰᠢᠨ᠂ ᠣᠷᠣᠯᠭ᠎ᠠ᠂ ᠲᠡᠳᠬᠦᠪᠦᠷᠢ ᠪᠣᠯᠤᠨ ᠲᠠᠲᠠᠭᠠᠰᠤ ᠊ᠢᠢᠨ ᠲᠠᠯᠠᠭᠠᠷᠬᠢ ᠪᠣᠳᠣᠯᠭ᠎ᠠ ᠲᠣᠳᠣᠷᠬᠠᠶᠢᠯᠠᠬᠤ ᠊ᠳᠤ ᠠᠰᠢᠭᠯᠠᠭᠰᠠᠨ ᠪᠣᠯ ᠒᠐᠑᠕ ᠣᠨ ᠡᠴᠠ ᠬᠦᠮᠦᠨ ᠠᠮᠠ ᠊ᠢᠢᠨ ᠲᠣᠭᠠᠯᠠᠯᠭ᠎ᠠ ᠢ᠑᠔ ᠠᠭᠧᠨᠲᠯᠢᠭ ᠤᠨ ᠒᠕ ᠲᠥᠷᠦᠯ ᠤᠨ ᠵᠠᠬᠢᠷᠭᠠᠨ ᠊ᠤ ᠪᠦᠷᠢᠳᠬᠡᠯ ᠊ᠳᠦ ᠰᠠᠭᠤᠷᠢᠯᠠᠭᠰᠠᠨ ᠠᠷᠭ᠎ᠠ ᠪᠠᠷ ᠶᠠᠪᠤᠭᠤᠯᠳᠠᠭ ᠪᠣᠯᠤᠭᠰᠠᠨ ᠪᠠᠶᠢᠨ᠎ᠠ᠃

ᠡᠨᠡ ᠵᠢᠱᠢᠭ ᠤᠨ ᠳᠠᠭᠠᠤ ᠮᠠᠨ ᠊ᠤ ᠤᠯᠤᠰ ᠲᠤ ᠴᠤ ᠲᠦᠭᠵᠢᠷᠡᠯ ᠊ᠢ ᠰᠢᠢᠳᠬᠦ ᠊ᠢᠢᠨ ᠲᠤᠯᠠᠳᠠ ᠪᠦᠰᠡ ᠲᠣᠭᠲᠠᠭᠠᠬᠤ ᠨᠢ ᠵᠥᠪ ᠦᠦ᠂ ᠨᠡᠶᠢᠭᠡᠮ ᠤᠨ ᠬᠠᠯᠠᠮᠵᠢ ᠶᠠᠭ ᠵᠣᠷᠢᠯᠲᠠᠲᠤ ᠪᠦᠯᠦᠭᠲᠦ ᠪᠡᠨ ᠬᠦᠷᠴᠦ ᠴᠢᠳᠠᠵᠤ ᠪᠠᠶᠢᠨ᠎ᠠ ᠤᠤ᠂ ᠡᠰᠡᠪᠡᠯ ᠬᠠᠯᠠᠮᠵᠢ ᠠᠪᠬᠤ ᠱᠠᠭᠠᠷᠳᠠᠯᠭ᠎ᠠ ᠭᠦᠢ ᠢᠷᠭᠡᠳ ᠬᠠᠯᠠᠮᠵᠢ ᠊ᠳᠤ ᠬᠠᠮᠤᠷᠤᠭᠳᠠᠭᠠᠳ ᠪᠠᠶᠢᠨ᠎ᠠ ᠤᠤ᠂ ᠲᠥᠷᠦ ᠊ᠢᠢᠨ ᠦᠢᠯᠡᠴᠢᠯᠡᠭᠡ ᠬᠢᠷᠢ ᠣᠨᠣᠪᠴᠢᠲᠠᠢ ᠪᠠᠶᠢᠨ᠎ᠠ ᠪᠤᠢ ᠭᠡᠬᠦ ᠮᠡᠲᠦ ᠡᠭᠡᠷᠡ ᠲᠤᠯᠭᠠᠮᠳᠠᠭᠰᠠᠨ ᠠᠰᠠᠭᠤᠳᠠᠯ ᠰᠢᠨᠵᠢᠯᠡᠬᠦ ᠤᠬᠠᠭᠠᠨᠴᠢ᠂ ᠰᠤᠳᠤᠯᠭᠠᠨ ᠊ᠳᠤ ᠰᠠᠭᠤᠷᠢᠯᠠᠭᠰᠠᠨ᠂ ᠣᠨᠣᠪᠴᠢᠲᠠᠢ ᠰᠢᠢᠳᠪᠦᠷᠢ ᠭᠠᠷᠭᠠᠬᠤ ᠊ᠳᠤ 《ᠶᠡᠬᠡ ᠥᠭᠭᠥᠭᠳᠡᠯ ᠤᠨ (big data) ᠰᠠᠨ》 ᠰᠠᠭᠤᠷᠢ ᠪᠣᠯᠬᠤ ᠶᠤᠮ᠃

ᠨᠡᠶᠢᠲᠡᠯᠡᠭᠰᠡᠨ᠄