ᠳᠡᠯᠡᠬᠡᠢ ᠊ᠢᠢᠨ ᠗᠐ ᠭᠠᠷᠤᠢ ᠣᠷᠣᠨ ᠊ᠤ ᠬᠠᠷᠢᠯᠴᠠᠭ᠎ᠠ ᠬᠣᠯᠪᠣᠭ᠎ᠠ᠂ ᠳᠢᠵᠢᠲᠠᠯᠠ ᠰᠢᠯᠵᠢᠯᠲᠡ ᠬᠠᠷᠢᠭᠤᠴᠠᠭᠰᠠᠨ ᠰᠠᠶᠢᠳ᠂ ᠳᠡᠳ᠋ ᠰᠠᠶᠢᠳ ᠤᠳ ᠣᠷᠣᠯᠴᠠᠵᠤ ᠪᠠᠶᠢᠭ᠎ᠠ ᠲᠤᠰ ᠠᠭᠤᠯᠵᠠᠯᠲᠠ ᠊ᠳᠤ ᠼᠠ᠊ ᠬᠥ᠊ ᠬᠠ᠊ ᠬᠣ᠊-᠊ᠤ ᠰᠠᠶᠢᠳ ᠨ ∙ ᠤᠴᠠᠷᠠᠯ ᠮᠣᠩᠭᠣᠯ ᠤᠯᠤᠰ ᠤᠨ ᠵᠠᠰᠠᠭ ᠤᠨ ᠭᠠᠵᠠᠷ ᠢ ᠲᠥᠯᠦᠭᠡᠯᠡᠵᠦ ᠲᠥᠷᠥ᠂ ᠬᠤᠪ ᠤᠨ ᠬᠡᠪᠰᠢᠯ ᠤᠨ ᠲᠥᠯᠥᠭᠡᠯᠡᠯ ᠤᠨ ᠬᠠᠮᠲᠤ ᠣᠷᠣᠯᠴᠠᠵᠤ ᠪᠠᠶᠢᠨ᠎ᠠ᠃ ᠡᠨᠡ ᠵᠢᠯ ᠰᠠᠮᠮᠢᠲᠠ 《ᠠᠷᠠᠳᠴᠢᠯᠠᠯ ᠢ ᠪᠡᠬᠢᠵᠢᠭᠦᠯᠬᠦ᠂ ᠲᠧᠭᠨᠣᠯᠣᠭᠢ ᠊ᠢᠢᠨ ᠮᠥᠷ ᠤᠨ ᠬᠥᠲᠦᠯᠪᠦᠷᠢ ᠊ᠢᠢ ᠰᠢᠨᠡᠴᠢᠯᠡᠶᠡ》 ᠤᠷᠢᠶᠠᠨ ᠳᠣᠣᠷ᠎ᠠ ᠠᠮᠵᠢᠯᠲᠠᠲᠠᠢ ᠵᠣᠬᠢᠶᠠᠨ ᠪᠠᠶᠢᠭᠤᠯᠤᠭᠳᠠᠵᠤ ᠪᠠᠶᠢᠨ᠎ᠠ᠃

ᠡᠰᠲ᠋ᠣᠩ ᠤᠨ ᠶᠡᠷᠦᠩᠬᠡᠢ ᠰᠠᠶᠢᠳ ᠺᠠᠵᠠ ᠺᠠᠯᠯᠠᠰ ᠠᠭᠤᠯᠵᠠᠯᠲᠠ ᠊ᠢᠢ ᠨᠡᠭᠡᠭᠡᠵᠦ ᠬᠡᠯᠡᠭᠰᠡᠨ ᠦᠭᠡᠨ ᠊ᠳᠦ ᠪᠡᠨ 《ᠪᠢᠳᠡ ᠲᠧᠭᠨᠣᠯᠣᠭᠢ ᠊ᠢᠢ ᠬᠡᠷᠬᠢᠨ ᠤᠳᠤᠷᠢᠳᠬᠤ ᠡᠴᠠ ᠰᠢᠯᠲᠠᠭᠠᠯᠠᠵᠤ ᠨᠡᠶᠢᠭᠡᠮ ᠥᠭᠡᠷᠡᠴᠢᠯᠡᠭᠳᠡᠨ᠎ᠡ᠃ ᠤᠯᠤᠰ ᠣᠷᠣᠨ ᠪᠦᠷᠢ ᠲᠧᠭᠨᠣᠯᠣᠭᠢ ᠊ᠢᠢᠨ ᠳᠡᠪᠰᠢᠯ ᠲᠡᠢ ᠬᠥᠯ ᠨᠡᠶᠢᠯᠡᠭᠦᠯᠦᠨ ᠠᠯᠬᠤᠬᠤ ᠨᠢ ᠨᠡᠩ ᠴᠢᠬᠤᠯᠠ 》 ᠭᠡᠳᠡᠭ ᠢ ᠣᠨᠴᠠᠯᠠᠯ᠎ᠠ᠃

ᠮᠥᠨ ᠠᠭᠤᠯᠵᠠᠯᠲᠠ ᠊ᠢᠢᠨ ᠦᠶ᠎ᠡ ᠪᠡᠷ ᠮᠣᠩᠭᠣᠯ ᠤᠯᠤᠰ ᠤᠨ ᠶᠡᠷᠦᠩᠬᠡᠢ ᠰᠠᠶᠢᠳ ᠯ ∙ ᠣᠶᠤᠨ-ᠡᠷᠳᠡᠨᠢ ᠊ᠢᠢᠨ ᠵᠦᠭ ᠡᠴᠡ ᠴᠠᠬᠢᠮᠵᠢᠯᠲᠠ ᠊ᠢᠢ ᠡᠷᠴᠢᠮᠵᠢᠭᠦᠯᠬᠦ ᠳᠦ ᠡᠰᠲ᠋ᠣᠩ ᠤᠨ ᠰᠠᠶᠢᠨ ᠲᠤᠷᠰᠢᠯᠭ᠎ᠠ ᠊ᠢᠢ ᠬᠡᠷᠡᠭᠵᠢᠭᠦᠯᠵᠦ ᠪᠤᠢ ᠮᠣᠩᠭᠣᠯ ᠤᠯᠤᠰ ᠤᠨ ᠶᠡᠷᠦᠩᠬᠡᠢ ᠰᠠᠶᠢᠳ ᠤᠨ ᠤᠯᠤᠰ ᠲᠥᠷᠥ ᠊ᠢᠢᠨ ᠮᠠᠩᠯᠠᠶᠢᠯᠠᠯ ᠊ᠢ ᠣᠨᠴᠠᠯᠠᠭᠰᠠᠨ ᠶᠤᠮ᠃

ᠬᠢᠮᠡᠯ ᠣᠶᠤᠨ ᠤᠬᠠᠭᠠᠨ᠂ ᠬᠠᠷᠢᠭᠤᠴᠠᠯᠭ᠎ᠠ ᠲᠠᠢ ᠵᠠᠰᠠᠭᠯᠠᠯ᠂ ᠳᠠᠲ᠋ᠠ ᠥᠭᠭᠥᠭᠳᠡᠯ ᠊ᠢ ᠰᠢᠢᠳᠪᠦᠷᠢ ᠭᠠᠷᠭᠠᠯᠲᠠ ᠊ᠳᠤ ᠠᠰᠢᠭᠯᠠᠬᠤ ᠨᠢ᠂ ᠠᠭᠤᠷ ᠠᠮᠢᠰᠬᠤᠯ ᠤᠨ ᠥᠭᠡᠷᠡᠴᠢᠯᠡᠯᠲᠡᠳ ᠲᠧᠭᠨᠣᠯᠣᠭᠢ ᠊ᠢᠢᠨ ᠰᠢᠢᠳᠦᠯ ᠊ᠢ ᠠᠰᠢᠭᠯᠠᠬᠤ᠂ ᠺᠢᠪᠧᠷ ᠠᠶᠤᠯ ᠦᠭᠡᠢ ᠪᠠᠶᠢᠳᠠᠯ ᠵᠡᠷᠭᠡ ᠣᠯᠠᠨ ᠴᠢᠬᠤᠯᠠ ᠰᠡᠳᠦᠪ ᠊ᠢᠢᠡᠷ ᠢᠯᠡᠳᠬᠡᠯ᠂ ᠬᠡᠯᠡᠯᠴᠡᠭᠦᠯᠭᠡ ᠥᠷᠨᠢᠭᠦᠯᠦᠯ᠎ᠡ᠃

ᠲᠠᠯᠯᠢᠨ ᠊ᠤ ᠴᠠᠬᠢᠮ ᠳᠡᠭᠡᠳᠦ ᠬᠡᠮᠵᠢᠶᠡᠨ ᠊ᠤ ᠠᠭᠤᠯᠵᠠᠯᠲᠠ ᠊ᠢᠢᠨ ᠳᠠᠷᠠᠭ᠎ᠠ 《ᠨᠡᠭᠡᠭᠡᠯᠲᠡ ᠲᠡᠢ ᠵᠠᠰᠠᠭᠯᠠᠯ ᠤᠨ ᠲᠦᠩᠰᠢᠯᠡᠯ ᠤᠨ ᠳᠡᠭᠡᠳᠦ ᠬᠡᠮᠵᠢᠶᠡᠨ ᠊ᠤ ᠘ ᠍ ᠊ᠳᠦᠭᠡᠷ ᠠᠭᠤᠯᠵᠠᠯᠲᠠ ᠪᠣᠯᠤᠨ᠎ᠠ᠃ ᠡᠨᠡ ᠦᠶ᠎ᠡ ᠪᠡᠷ ᠮᠣᠩᠭᠣᠯ ᠤᠯᠤᠰ ᠤᠨ ᠴᠠᠬᠢᠮ ᠰᠢᠯᠵᠢᠯᠲᠡ ᠊ᠢᠢᠨ ᠪᠣᠳᠣᠯᠭ᠎ᠠ ᠊ᠢᠢᠨ ᠦᠷ᠎ᠡ ᠳ᠋ᠦᠩ ᠢ ᠬᠡᠯᠡᠯᠴᠡᠨ᠎ᠡ᠃ ᠮᠥᠨ ᠨ ∙ ᠤᠴᠠᠷᠠᠯ ᠰᠠᠶᠢᠳ ᠡᠨᠡ ᠡᠳᠦᠷ ᠤᠳ ᠲᠦ ᠡᠰᠲ᠋ᠣᠨᠢ ᠤᠯᠤᠰ ᠤᠨ ᠤᠯᠤᠰ ᠤᠨ ᠶᠡᠬᠡ ᠬᠤᠷᠠᠯ ᠤᠨ ᠳᠠᠷᠤᠭ᠎ᠠ ᠊ᠳᠤ ᠪᠠᠷᠠᠭᠠᠯᠬᠠᠨ᠎ᠠ᠃ ᠡᠳ᠋ ᠍ ᠊ᠢᠢᠨ ᠵᠠᠰᠠᠭ᠂ ᠬᠠᠷᠢᠯᠴᠠᠭ᠎ᠠ ᠬᠣᠯᠪᠣᠭᠠᠨ ᠊ᠤ ᠰᠠᠶᠢᠳ᠂ ᠽᠠ᠊ ᠭᠠ᠊ ᠊ᠢᠢᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠲᠠᠢ ᠠᠭᠤᠯᠵᠠᠯᠲᠠ ᠬᠢᠨ᠎ᠡ᠃

ᠵᠠᠰᠠᠭᠯᠠᠯ ᠤᠨ ᠠᠺᠠᠳᠧᠮᠢ ᠊ᠳᠤ ᠠᠵᠢᠯᠯᠠᠵᠤ ᠵᠥᠪᠰᠢᠶᠡᠷᠡᠯ ᠊ᠢ ᠴᠠᠬᠢᠮᠵᠢᠭᠤᠯᠬᠤ᠂ ᠢ ᠷᠧᠰᠢᠳᠢᠨᠰᠢ ᠬᠥᠲᠥᠯᠪᠦᠷᠢ ᠊ᠢᠢ ᠬᠡᠷᠡᠭᠵᠢᠭᠦᠯᠬᠦ ᠬᠠᠮᠲᠤ ᠊ᠢᠢᠨ ᠠᠵᠢᠯᠯᠠᠭ᠎ᠠ ᠊ᠢᠢ ᠡᠬᠢᠯᠡᠭᠦᠯᠬᠦ ᠪᠡᠷ ᠲᠥᠯᠥᠪᠯᠡᠭᠰᠡᠨ᠃ ᠮᠥᠨ ᠪᠤᠰᠤᠳ ᠤᠯᠤᠰ ᠣᠷᠣᠨ ᠊ᠤ ᠳᠢᠵᠢᠲᠠᠯᠠ ᠰᠠᠶᠢᠳ ᠨᠠᠷ ᠲᠠᠢ ᠭᠠᠭᠴᠠᠭᠠᠷᠴᠢᠯᠠᠭᠰᠠᠨ ᠠᠭᠤᠯᠵᠠᠯᠲᠠ ᠨᠤᠭᠤᠳ ᠬᠢᠭᠳᠡᠬᠦ ᠶᠤᠮ᠃
