《ᠱᠦᠭᠯᠦ》 ᠠᠵᠢᠯᠯᠠᠭ᠎ᠠ ᠊ᠢᠢ ᠬᠡᠷᠡᠭᠵᠢᠭᠦᠯᠬᠦ ᠠᠵᠢᠯ ᠤᠨ ᠬᠡᠰᠡᠭ  ᠨᠡᠶᠢᠰᠯᠡᠯ ᠤᠨ ᠭᠠᠵᠠᠷ ᠵᠣᠬᠢᠶᠠᠨ ᠪᠠᠶᠢᠭᠤᠯᠤᠯᠲᠠ ᠊ᠢᠢᠨ ᠠᠯᠪᠠᠨ ᠊ᠳᠤ ᠠᠵᠢᠯᠯᠠᠯ᠎ᠠ


ᠢᠷᠭᠡᠳ᠂ ᠣᠯᠠᠨ ᠨᠡᠶᠢᠲᠡ ᠲᠡᠢ ᠬᠠᠷᠢᠯᠴᠠᠬᠤ 《᠑᠑-᠑᠑″ ᠲᠥᠪᠡᠳ ᠢᠷᠭᠡᠳ ᠡᠴᠡ ᠢᠷᠡᠭᠦᠯᠦᠭᠰᠡᠨ ᠰᠠᠨᠠᠯ᠂ ᠭᠣᠮᠣᠳᠠᠯ ᠤᠨ ᠑᠕-᠒᠐ ᠬᠤᠪ ᠢ ᠭᠠᠵᠠᠷ ᠤᠨ ᠮᠠᠷᠭᠤᠭᠠᠨ ᠲᠠᠢ ᠬᠣᠯᠪᠣᠭᠠᠲᠠᠢ ᠠᠰᠠᠭᠤᠳᠠᠯ ᠡᠵᠡᠯᠡᠵᠦ ᠪᠠᠶᠢᠨ᠎ᠠ᠃ ᠡᠭᠦᠨ ᠲᠡᠢ ᠬᠣᠯᠪᠣᠭᠠᠲᠠᠢ ᠪᠠᠷ ᠵᠠᠰᠠᠭ ᠤᠨ ᠭᠠᠵᠠᠷ ᠠᠴᠠ ᠬᠡᠷᠡᠭᠵᠢᠭᠦᠯᠵᠦ ᠪᠤᠢ ᠠᠪᠤᠯ ᠶᠢᠨ ᠡᠰᠡᠷᠡᠭ 《᠕ ᠱ》 ᠠᠵᠢᠯᠯᠠᠭᠠᠨ ᠤ ᠨᠢᠭᠡ ᠪᠣᠯᠬᠤ 《ᠱᠦᠭᠯᠦ》 ᠠᠵᠢᠯᠯᠠᠭ᠎ᠠ ᠶᠢ ᠬᠡᠷᠡᠭᠵᠢᠭᠦᠯᠬᠦ ᠠᠵᠢᠯ ᠤᠨ ᠬᠡᠰᠡᠭ ᠦᠨ ᠬᠢᠨ ᠥᠨᠥᠳᠥᠷ /᠒᠐᠒᠓.᠐᠔᠂᠑᠐/ ᠨᠡᠶᠢᠰᠯᠡᠯ ᠦᠨ ᠭᠠᠵᠠᠷ ᠵᠣᠬᠢᠶᠠᠨ ᠪᠠᠶᠢᠭᠤᠯᠤᠯᠲᠠ ᠶᠢᠨ ᠠᠯᠪᠠᠨ ᠤ ᠬᠢᠨ ᠲᠠᠢ ᠠᠭᠤᠯᠵᠠᠵᠤ᠂ ᠰᠠᠨᠠᠯ ᠬᠦᠰᠡᠯᠲᠦ ᠊ᠢᠢ ᠨᠢ ᠬᠦᠯᠢᠶᠡᠨ ᠠᠪᠴᠤ᠂ ᠠᠰᠠᠭᠤᠯᠲᠠ ᠳᠤ ᠬᠠᠷᠢᠭᠤᠯᠤᠯ᠎ᠠ᠃

ᠼᠠ᠊ ᠬᠥ᠊ ᠬᠠ᠊ ᠬᠣ᠊ -᠊ᠤ ᠳᠡᠳ᠋ ᠰᠠᠶᠢᠳ ᠵ ∙ ᠡᠷᠬᠢᠮᠪᠠᠭᠠᠲᠤᠷ ᠠᠭᠤᠯᠵᠠᠯᠲᠠ ᠊ᠢᠢᠨ ᠦᠶ᠎ᠡ ᠪᠡᠷ ᠶᠠᠮᠤᠨ ᠊ᠤ ᠪᠣᠳᠣᠯᠭ᠎ᠠ᠂ ᠬᠢᠵᠦ᠂ ᠬᠡᠷᠡᠭᠵᠢᠭᠦᠯᠵᠦ ᠪᠠᠶᠢᠭ᠎ᠠ ᠠᠵᠢᠯ ᠤᠳ ᠢᠶᠠᠨ ᠲᠠᠨᠢᠯᠴᠠᠭᠤᠯᠵᠤ᠂ ᠴᠠᠬᠢᠮ ᠰᠢᠯᠵᠢᠯᠲᠡ ᠲᠡᠢ ᠬᠣᠯᠪᠣᠭ᠎ᠠ ᠲᠠᠢ ᠲᠤᠯᠭᠠᠮᠳᠠᠵᠤ ᠪᠤᠢ ᠠᠰᠠᠭᠤᠳᠠᠯ ᠤᠳ ᠢ ᠬᠡᠷᠬᠢᠨ ᠰᠢᠢᠳᠪᠦᠷᠢᠯᠡᠬᠦ ᠲᠠᠯ᠎ᠠ ᠪᠠᠷ ᠰᠠᠨᠠᠯ ᠰᠣᠯᠢᠯᠴᠠᠵᠤ᠂ ᠬᠦᠰᠡᠯᠲᠦ ᠨᠦᠭᠦᠳ ᠢ ᠬᠦᠯᠢᠶᠡᠨ ᠠᠪᠤᠯ᠎ᠠ᠃

ᠠᠭᠤᠯᠵᠠᠯᠲᠠ ᠊ᠳᠤ ᠨᠡᠶᠢᠰᠯᠡᠯ ᠤᠨ ᠪᠣᠯᠤᠨ ᠶᠢᠰᠦᠨ ᠳᠡᠭᠦᠷᠭᠡ ᠊ᠢᠢᠨ ᠭᠠᠵᠠᠷ ᠵᠣᠬᠢᠶᠠᠨ ᠪᠠᠶᠢᠭᠤᠯᠤᠯᠲᠠ ᠊ᠢᠢᠨ ᠠᠯᠪᠠᠨ ᠊ᠤ ᠤᠳᠤᠷᠢᠳᠤᠯᠭ᠎ᠠ᠂ ᠠᠯᠪᠠᠨ ᠬᠠᠭᠠᠭᠴᠢᠳ ᠣᠷᠣᠯᠴᠠᠯ᠎ᠠ᠃

ᠨᠡᠶᠢᠲᠡᠯᠡᠭᠰᠡᠨ᠄