ᠬᠥᠷᠰᠢ ᠣᠷᠣᠨ ᠨᠤᠭᠤᠳ ᠲᠠᠢ ᠬᠢᠯᠢ ᠣᠷᠴᠢᠮ ᠤᠨ ᠪᠦᠰᠡ ᠨᠤᠲᠤᠭ ᠲᠤ ᠠᠰᠢᠭᠯᠠᠬᠤ ᠷᠠᠳᠢᠣ᠋ ᠳᠠᠪᠲᠠᠮᠵᠢ ᠊ᠢᠢᠨ ᠠᠰᠠᠭᠤᠳᠠᠯ ᠊ᠢᠢᠠᠷ ᠬᠡᠯᠡᠯᠴᠡᠪᠡ


ᠮᠣᠩᠭᠣᠯ ᠤᠯᠤᠰ ᠬᠢᠯᠢ ᠣᠷᠴᠢᠮ ᠤᠨ ᠪᠦᠰᠡ ᠨᠤᠲᠤᠭ ᠲᠤ ᠠᠰᠢᠭᠯᠠᠬᠤ ᠷᠠᠳᠢᠣ᠋ ᠳᠠᠪᠲᠠᠮᠵᠢ ᠊ᠢᠢᠨ ᠵᠣᠬᠢᠴᠠᠭᠤᠯᠤᠯᠲᠠ ᠊ᠢᠢᠨ ᠭᠡᠷ ᠊ᠢᠢᠡᠨ᠂ ᠬᠡᠯᠡᠯᠴᠡᠭᠡ ᠊ᠢᠢ ᠣᠷᠣᠰ ᠬᠣᠯᠪᠣᠭᠠᠨ ᠊ᠤ ᠤᠯᠤᠰ ᠲᠠᠢ ᠒᠐᠒᠔ ᠣᠨ ᠊ᠤ ᠐᠔ ᠳ᠋ᠦ᠋ᠭᠡᠷ ᠰᠠᠷ᠎ᠠ ᠊ᠢᠢᠨ ᠐᠙-᠑᠑ ᠍ ᠊ᠤ ᠡᠳᠦᠷ ᠤᠳ ᠲᠦ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠠᠢ ᠒᠐᠒᠔ ᠣᠨ ᠊ᠤ ᠐᠕ ᠳ᠋ᠤᠭᠠᠷ ᠰᠠᠷ᠎ᠠ ᠊ᠢᠢᠨ ᠒᠑᠍-᠒᠓ ᠍ ᠊ᠤ ᠡᠳᠦᠷ ᠤᠳ ᠲᠦ ᠲᠤᠰ ᠲᠤᠰ ᠤᠯᠠᠭᠠᠨᠪᠠᠭᠠᠲᠤᠷ ᠬᠣᠲᠠᠨ ᠊ᠢᠢᠠᠨ ᠵᠣᠬᠢᠶᠠᠨ ᠪᠠᠶᠢᠭᠤᠯᠪᠠ᠃

ᠷᠠᠳᠢᠣ᠋ ᠳᠣᠯᠭᠢᠶᠠᠨ ᠨᠢ ᠬᠢᠯᠢ ᠬᠢᠵᠠᠭᠠᠷ ᠦᠭᠡᠢ ᠲᠠᠷᠬᠠᠬᠤ ᠣᠨᠴᠠᠯᠢᠭ ᠪᠦᠬᠦᠢ ᠪᠠᠶᠢᠭᠠᠯ ᠤᠨ ᠬᠢᠵᠠᠭᠠᠷᠯᠠᠭᠳᠠᠮᠠᠯ ᠨᠥᠭᠡᠴᠡ ᠶᠤᠮ᠃ ᠡᠶᠢᠮᠦ ᠊ᠳᠦ ᠬᠥᠷᠰᠢ ᠣᠷᠣᠨ ᠨᠤᠭᠤᠳ ᠡᠨᠡᠬᠦ ᠨᠥᠭᠡᠴᠡ ᠊ᠢᠢ ᠬᠢᠯᠢ ᠣᠷᠴᠢᠮ ᠤᠨ ᠪᠦᠰᠡ ᠨᠤᠲᠤᠭ ᠲᠤ ᠠᠵᠢᠯᠯᠠᠬᠤ ᠷᠠᠳᠢᠣ᠋ ᠰᠲ᠋ᠠᠨᠼᠢ ᠨᠤᠭᠤᠳ ᠤᠨ ᠬᠡᠪ ᠤᠨ ᠠᠵᠢᠯᠯᠠᠭ᠎ᠠ ᠊ᠢᠢ ᠬᠠᠩᠭᠠᠬᠤ ᠵᠣᠷᠢᠯᠭ᠎ᠠ ᠪᠠᠷ ᠲᠧᠭᠨᠢᠭ ᠤᠨ ᠨᠠᠷᠢᠨ ᠵᠣᠬᠢᠴᠠᠭᠤᠯᠤᠯᠲᠠ ᠬᠢᠵᠦ᠂ ᠬᠢᠯᠢ ᠊ᠢᠢᠨ ᠪᠦᠰᠡ ᠨᠤᠲᠤᠭ ᠣᠷᠴᠢᠮ ᠤᠨ ᠣᠷᠣᠰᠢᠨ ᠰᠠᠭᠤᠭᠴᠢᠳ ᠲᠤ ᠬᠠᠷᠢᠯᠴᠠᠭ᠎ᠠ ᠬᠣᠯᠪᠣᠭᠠᠨ ᠊ᠤ ᠦᠢᠯᠡᠴᠢᠯᠡᠭᠡ ᠊ᠢᠢ ᠴᠢᠨᠠᠷᠲᠠᠢ ᠬᠦᠷᠭᠡᠬᠦ᠂ ᠪᠦᠰᠡ ᠨᠤᠲᠤᠭ ᠤᠨ ᠬᠠᠷᠢᠯᠴᠠᠭ᠎ᠠ ᠬᠣᠯᠪᠣᠭᠠᠨ ᠊ᠤ ᠴᠢᠨᠠᠭᠰᠢᠳᠠ ᠊ᠢᠢᠨ ᠬᠥᠭᠵᠢᠯ ᠊ᠢ ᠳᠡᠮᠵᠢᠬᠦ ᠱᠠᠭᠠᠷᠳᠠᠯᠭ᠎ᠠ ᠨᠤᠭᠤᠳ ᠲᠠᠢ ᠲᠤᠯᠭᠠᠷᠠᠳᠠᠭ᠃ ᠣᠷᠴᠢᠨ ᠦᠶ᠎ᠡ ᠊ᠢᠢᠨ ᠥᠷᠭᠡᠨ ᠵᠤᠷᠪᠤᠰ ᠤᠨ ᠬᠥᠳᠡᠯᠭᠡᠭᠡᠨ ᠊ᠳᠦ ᠷᠠᠳᠢᠣ᠋ ᠬᠣᠯᠪᠣᠭᠠᠨ ᠊ᠤ ᠬᠥᠭᠵᠢᠯ ᠤᠨ ᠬᠠᠨᠳᠤᠯᠭ᠎ᠠ᠂ ᠲᠧᠭᠨᠣᠯᠣᠭᠢ ᠊ᠢᠢᠨ ᠳᠡᠪᠰᠢᠯ ᠲᠡᠢ ᠤᠶᠠᠯᠳᠤᠭᠤᠯᠤᠨ ᠬᠢᠯᠢ ᠣᠷᠴᠢᠮ ᠤᠨ ᠷᠠᠳᠢᠣ᠋ ᠳᠠᠪᠲᠠᠮᠵᠢ ᠊ᠢᠢᠨ ᠵᠣᠬᠢᠴᠠᠭᠤᠯᠤᠯᠲᠠ ᠊ᠢᠢ ᠲᠤᠬᠠᠢ ᠪᠦᠷ ᠬᠢᠬᠦ ᠱᠠᠭᠠᠷᠳᠠᠯᠭ᠎ᠠ ᠡᠭᠦᠰᠴᠦ ᠪᠠᠶᠢᠨ᠎ᠠ᠃

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠲᠠᠢ ᠬᠢᠭᠰᠡᠨ ᠡᠨᠡ ᠤᠳᠠᠭ᠎ᠠ ᠊ᠢᠢᠨ ᠠᠭᠤᠯᠵᠠᠯᠲᠠ ᠪᠠᠷ ᠬᠥᠳᠡᠯᠭᠡᠭᠡᠨ ᠊ᠳᠦ ᠬᠣᠯᠪᠣᠭᠠᠨ ᠊ᠤ ᠦᠢᠯᠡᠴᠢᠯᠡᠭᠡᠨ ᠊ᠤ 7᠗᠐᠓-᠗᠔᠘/᠗᠕᠘-᠘᠐᠓ МГц᠂ ᠘᠘᠐-᠙᠑᠕/᠙᠒᠕-᠙᠖᠐ МГц᠂ ᠑᠗᠘᠐-᠑᠗᠘᠐/᠑᠘᠐-᠑᠘᠘᠐ МГц᠂ ᠒᠓᠐᠐-᠒᠔᠐᠐ МГц᠂ ᠒᠕᠐᠐-᠒᠖᠙᠐ МГц᠂ ᠑᠙᠒᠐-᠑᠙᠘᠐/᠒᠑᠑᠐-᠒᠑᠗᠐ МГц᠂ ᠓᠓᠐᠐-᠓᠘᠐᠐ МГц ᠷᠠᠳᠢᠣ᠋ ᠳᠠᠪᠲᠠᠮᠵᠢ ᠌᠊ᠢᠢᠨ ᠠᠰᠠᠭᠤᠳᠠᠯ ᠤᠳ ᠊ᠢ ᠬᠡᠯᠡᠯᠴᠡᠵᠦ᠂ ᠷᠠᠳᠢᠣ᠋ ᠳᠠᠪᠲᠠᠮᠵᠢ ᠊ᠢᠢᠨ ᠑᠙᠒᠐-᠑᠙᠖᠕/᠒᠑᠑᠐-᠒᠑᠕᠕ МГц ᠵᠤᠷᠪᠤᠰ ᠲᠤ ᠭᠠᠵᠠᠷ ᠤᠨ ᠬᠥᠳᠡᠯᠭᠡᠭᠡᠨ ᠊ᠳᠦ ᠬᠣᠯᠪᠣᠭᠠᠨ ᠊ᠤ ᠦᠢᠯᠡᠴᠢᠯᠡᠭᠡᠨ ᠊ᠤ ᠵᠣᠬᠢᠴᠠᠭᠤᠯᠤᠯᠲᠠ ᠊ᠢᠢᠨ ᠭᠡᠷ᠎ᠡ ᠊ᠢᠢ ᠰᠢᠨ᠎ᠡ ᠪᠡᠷ ᠪᠠᠶᠢᠭᠤᠯᠤᠯ᠎ᠠ᠃

ᠡᠳᠡᠭᠡᠷ ᠪᠠᠷᠢᠮᠲᠠ ᠪᠢᠴᠢᠭ ᠊ᠢ ᠪᠠᠶᠢᠭᠤᠯᠤᠭᠰᠠᠨ ᠊ᠢᠢᠠᠷ ᠮᠣᠩᠭᠣᠯ ᠤᠯᠤᠰ ᠤᠨ ᠬᠢᠯᠢ ᠊ᠢᠢᠨ ᠪᠥᠰᠡ ᠨᠤᠲᠤᠭ ᠲᠤ ᠬᠠᠷᠢᠯᠴᠠᠭ᠎ᠠ ᠬᠣᠯᠪᠣᠭᠠᠨ ᠊ᠤ ᠬᠥᠳᠡᠯᠭᠡᠭᠡᠨ ᠊ᠳᠦ ᠪᠤᠰᠤ ᠪᠣᠯᠤᠨ ᠬᠥᠳᠡᠯᠭᠡᠭᠡᠨ ᠊ᠳᠦ ᠬᠣᠯᠪᠣᠭᠠᠨ ᠊ᠤ ᠦᠢᠯᠡᠴᠢᠯᠡᠭᠡ ᠊ᠢᠢ ᠴᠢᠨᠠᠷᠲᠠᠢ᠂ ᠨᠠᠶᠢᠳᠠᠪᠤᠷᠢᠲᠠᠢ ᠬᠦᠷᠭᠡᠬᠦ᠂ ᠷᠠᠳᠢᠣ᠋ ᠳᠠᠪᠲᠠᠮᠵᠢ ᠊ᠢᠢᠨ ᠠᠰᠢᠭᠯᠠᠯᠲᠠ ᠊ᠢᠢ ᠬᠠᠷᠢᠯᠴᠠᠨ ᠵᠣᠬᠢᠴᠠᠭᠤᠯᠬᠤ᠂ ᠬᠢᠨᠠᠬᠤ᠂ ᠬᠠᠷᠢᠯᠴᠠᠨ ᠨᠥᠯᠥᠭᠡᠯᠡᠯ ᠭᠦᠢ ᠠᠵᠢᠯᠯᠠᠭᠤᠯᠬᠤ ᠡᠷᠬᠡ ᠵᠦᠢ ᠊ᠢᠢᠨ ᠪᠣᠯᠤᠮᠵᠢ ᠪᠤᠢ ᠪᠣᠯᠬᠤ ᠴᠢᠬᠤᠯᠠ ᠠᠴᠢ ᠬᠣᠯᠪᠣᠭᠳᠠᠯ ᠲᠠᠢ ᠶᠤᠮ᠃

ᠨᠡᠶᠢᠲᠡᠯᠡᠭᠰᠡᠨ᠄