ᠴᠠᠬᠢᠮᠵᠢᠯᠲᠡ᠂ ᠰᠢᠯᠢᠨ᠂ ᠢᠯᠡ ᠲᠣᠳᠣ ᠪᠠᠶᠢᠳᠠᠯ ᠣᠯᠠᠨ ᠤᠯᠤᠰ ᠲᠤ ᠦᠨᠡᠯᠡᠭᠳᠡᠯ᠎ᠡ


᠒᠐᠑᠙ ᠣᠨ ᠊ᠳᠤ ᠥᠨᠥᠳᠥᠷ ᠤᠨ ᠶᠡᠷᠦᠩᠬᠡᠢ ᠰᠠᠶᠢᠳ ᠯ ∙ ᠣᠶᠤᠨ-ᠡᠷᠳᠡᠨᠢ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠪᠠᠷ ᠠᠵᠢᠯᠯᠠᠬᠤ ᠪᠠᠶᠢᠬᠤ ᠊ᠳᠤ ᠪᠠᠨ ᠤᠯᠤᠰ ᠤᠨ ᠶᠡᠬᠡ ᠬᠤᠷᠠᠯ ᠤᠨ ᠴᠠᠬᠢᠮ ᠪᠣᠳᠣᠯᠭ᠎ᠠ ᠊ᠢᠢᠨ ᠲᠦᠷᠢ ᠬᠣᠷᠢᠶᠠᠨ ᠊ᠤ ᠳᠠᠷᠤᠭ᠎ᠠ ᠨ ∙ ᠤᠴᠠᠷᠠᠯ ᠲᠡᠷᠢᠭᠦᠲᠡᠢ ᠭᠡᠰᠢᠭᠦᠳ ᠪᠣᠯᠤᠨ ᠲᠥᠷᠥ ᠊ᠢᠢᠨ ᠠᠯᠪᠠ᠂ ᠬᠤᠪ ᠤᠨ ᠬᠡᠪᠰᠢᠯ ᠤᠨ ᠲᠥᠯᠥᠭᠡᠯᠡᠯᠲᠡᠢ ᠪᠡᠷ ᠡᠰᠲ᠋ᠣᠨᠢ ᠤᠯᠤᠰ ᠲᠤ ᠠᠶᠢᠯᠴᠢᠯᠠᠵᠤ ᠡᠰᠲ᠋ᠣᠩ ᠤᠨ ᠢ-ᠵᠠᠰᠠᠭᠯᠠᠯ ᠤᠨ ᠠᠺᠠᠳᠧᠮᠢ ᠡᠴᠠ ᠵᠥᠪᠯᠡᠬᠦ ᠦᠢᠯᠡᠴᠢᠯᠡᠭᠡ ᠠᠪᠤᠭᠰᠠᠨ ᠊ᠤ ᠦᠨᠳᠦᠰᠦᠨ ᠳᠡᠭᠡᠷ᠎ᠡ ᠲᠥᠷᠥ ᠊ᠢᠢᠨ ᠴᠠᠬᠢᠮᠵᠢᠯᠲᠡ ᠊ᠢᠢᠨ ᠦᠢᠯᠡ ᠠᠵᠢᠯᠯᠠᠭ᠎ᠠ ᠊ᠢᠢ ᠡᠷᠴᠢᠮᠵᠢᠭᠦᠯᠦᠭᠰᠡᠨ ᠪᠢᠯᠡ᠃

ᠲᠤᠰ ᠵᠦᠪᠯᠡᠬᠦ ᠦᠢᠯᠡᠴᠢᠯᠡᠭᠡᠨ ᠊ᠤ ᠬᠦᠷᠢᠶᠡᠨ ᠊ᠳᠦ ᠤᠯᠤᠰ ᠤᠨ ᠶᠡᠬᠡ ᠬᠤᠷᠠᠯ ᠡᠴᠠ ᠴᠠᠬᠢᠮ ᠬᠥᠭᠵᠢᠯ ᠊ᠢ ᠳᠡᠮᠵᠢᠬᠦ ᠔ ᠬᠠᠤᠯᠢ ᠊ᠢᠢ ᠪᠠᠲᠤᠯᠠᠨ ᠭᠠᠷᠭᠠᠵᠤ ᠬᠤᠷ᠎ᠠ ᠪᠣᠯᠤᠨ ᠳᠠᠨ ᠰᠢᠰᠲ᠋ᠧᠮ ᠤᠨ ᠰᠢᠨᠡᠴᠢᠯᠡᠯ ᠬᠢᠭᠳᠡᠵᠦ ᠢ-ᠮᠣᠩᠭᠣᠯ ᠲᠥᠷᠦ ᠊ᠢᠢᠨ ᠦᠢᠯᠡᠴᠢᠯᠡᠭᠡᠨ ᠊ᠤ ᠨᠢᠭᠡᠳᠦᠭᠰᠡᠨ ᠰᠢᠰᠲ᠋ᠧᠮ ᠠᠰᠢᠭᠯᠠᠯᠲᠠ ᠊ᠳᠤ ᠣᠷᠣᠵᠤ ᠬᠠᠮᠤᠭ ᠤᠨ ᠰᠡᠭᠦᠯ ᠊ᠳᠦ ᠲᠠᠨᠢᠯᠴᠠᠭᠤᠯᠤᠭᠰᠠᠨ ᠓.0 ᠬᠤᠪᠢᠯᠪᠤᠷᠢ ᠊ᠳᠤ ᠑᠐᠐᠐ ᠭᠠᠷᠤᠢ ᠲᠥᠷᠦ ᠊ᠢᠢᠨ ᠦᠢᠯᠡᠴᠢᠯᠡᠭᠡ ᠨᠢᠭᠡᠳᠬᠡᠭᠳᠡᠨ ᠨᠢᠭᠡᠳᠦᠭᠰᠡᠨ ᠦᠨᠳᠦᠰᠦᠨ ᠊ᠤ ᠪᠠᠶᠢᠭᠤᠯᠤᠯᠭ᠎ᠠ ᠡᠴᠠ ᠭᠠᠷᠭᠠᠳᠠᠭ ᠴᠠᠬᠢᠮ ᠵᠠᠰᠠᠭᠯᠠᠯ ᠤᠨ ᠢᠨᠳᠧᠺᠰ ᠊ᠢᠢᠠᠷ ᠮᠣᠩᠭᠣᠯ ᠤᠯᠤᠰ ᠑᠘ ᠪᠠᠶᠢᠷᠢ ᠪᠠᠷ ᠤᠷᠤᠭᠰᠢᠯᠠᠭᠰᠠᠨ᠃

ᠮᠥᠨ ᠵᠠᠰᠠᠭ ᠤᠨ ᠭᠠᠵᠠᠷ ᠡᠴᠠ ᠬᠡᠷᠡᠭᠵᠢᠭᠦᠯᠵᠦ ᠪᠤᠢ ᠕ ᠱ ᠠᠵᠢᠯᠯᠠᠭᠠᠨ ᠊ᠤ 《ᠰᠢᠯᠢ》 ᠠᠵᠢᠯᠯᠠᠭᠠᠨ ᠊ᠤ ᠦᠷ᠎ᠡ ᠳᠦᠩ ᠳᠦ 《ᠨᠡᠶᠢᠲᠡ ᠊ᠢᠢᠨ ᠮᠡᠳᠡᠭᠡᠯᠡᠯ ᠤᠨ ᠢᠯᠡ᠂ ᠲᠣᠳᠣ ᠪᠠᠶᠢᠳᠠᠯ ᠤᠨ ᠬᠠᠤᠯᠢ》 ᠍ ᠊ᠳᠦ ᠵᠢᠭᠠᠭᠰᠠᠨ ᠖᠘ ᠲᠥᠷᠥᠯ ᠤᠨ ᠮᠡᠳᠡᠭᠡᠯᠡᠯ ᠡᠴᠡ ᠗᠕᠐.᠐᠐᠐ ᠭᠠᠷᠤᠢ ᠮᠥᠷ ᠥᠭᠭᠥᠭᠳᠡᠯ shilen.gov.mn ᠍ ᠊ᠳᠦ ᠨᠡᠭᠡᠭᠡᠯᠲᠡ ᠲᠡᠢ ᠪᠣᠯᠵᠤ ᠰᠢᠯᠢᠨ ᠲᠥᠷᠥ ᠊ᠢᠢ ᠪᠤᠢ ᠪᠣᠯᠭᠠᠬᠤ ᠠᠵᠢᠯ ᠡᠷᠴᠢᠮᠲᠡᠢ ᠥᠷᠨᠢᠵᠦ ᠪᠠᠶᠢᠨ᠎ᠠ᠃

ᠡᠰᠲ᠋ᠣᠩ ᠤᠨ ᠲᠠᠯᠯᠢᠨ ᠬᠣᠲᠠᠳ ᠵᠣᠬᠢᠶᠠᠨ ᠪᠠᠶᠢᠭᠤᠯᠤᠭᠳᠠᠵᠤ ᠪᠤᠢ 《ᠨᠡᠭᠡᠭᠡᠯᠲᠡ ᠲᠡᠢ ᠵᠠᠰᠠᠭ ᠤᠨ ᠲᠦᠩᠰᠢᠯᠡᠯ》 ᠳᠡᠭᠡᠳᠦ ᠬᠡᠮᠵᠢᠶᠡᠨ ᠊ᠤ ᠘ ᠍ ᠳᠦᠭᠡᠷ ᠠᠭᠤᠯᠵᠠᠯᠲᠠ ᠡᠴᠠ 《ᠨᠡᠭᠡᠭᠡᠯᠲᠡ ᠲᠡᠢ ᠵᠠᠰᠠᠭ ᠤᠨ ᠲᠦᠩᠰᠢᠯᠡᠯ》 OGP ᠮᠣᠩᠭᠣᠯ ᠤᠯᠤᠰ ᠤᠨ ᠴᠠᠬᠢᠮ ᠵᠠᠰᠠᠭᠯᠠᠯ᠂ ᠨᠡᠭᠡᠭᠡᠯᠲᠡᠲᠡᠢ ᠢᠯᠡ ᠲᠣᠳᠣ ᠪᠠᠶᠢᠳᠠᠯ ᠊ᠢ ᠦᠨᠡᠯᠡᠨ ᠥᠨᠥᠳᠥᠷ ᠳᠡᠭᠡᠳᠦ ᠬᠡᠮᠵᠢᠶᠡᠨ ᠊ᠤ ᠠᠭᠤᠯᠵᠠᠯᠲᠠ ᠊ᠢᠢᠨ ᠦᠶ᠎ᠡ ᠪᠡᠷ ᠼᠠ᠊᠊ ᠬᠥ᠊ ᠬᠠ᠊ ᠬᠣ᠊ ᠶᠠ᠊᠂ ᠢ-ᠮᠣᠩᠭᠣᠯ ᠠᠺᠠᠳᠧᠮᠢ ᠊ᠳᠤ 《ᠨᠡᠭᠡᠭᠡᠯᠲᠡ ᠲᠡᠢ ᠵᠠᠰᠠᠭ ᠤᠨ ᠬᠦᠨᠳᠦᠳ ᠡᠷᠭᠦᠮᠵᠢᠯᠡᠯ》 ᠬᠦᠷᠲᠡᠭᠡᠯ ᠡ᠃

ᠨᠡᠭᠡᠭᠡᠯᠲᠡᠲᠡᠢ ᠵᠠᠰᠠᠭ ᠤᠨ ᠦᠨᠡᠯᠡᠭᠡᠨ ᠊ᠳᠦ ᠥᠨᠳᠦᠷ ᠣᠨᠣᠭ᠎ᠠ ᠠᠪᠴᠤ ᠣᠯᠠᠨ ᠤᠯᠤᠰ ᠲᠤ ᠦᠨᠡᠯᠡᠭᠳᠡᠭᠰᠡᠨ ᠨᠢ ᠮᠠᠨ ᠊ᠤ ᠣᠷᠣᠨ ᠊ᠤ ᠪᠢᠽᠢᠨ᠋ᠧᠰ ᠤᠨ ᠣᠷᠴᠢᠨ ᠊ᠳᠤ ᠭᠠᠳᠠᠭᠠᠳᠤ ᠬᠥᠷᠦᠩᠭᠡ ᠣᠷᠣᠭᠤᠯᠤᠭᠴᠢ ᠨᠠᠷ ᠤᠨ ᠢᠲᠡᠭᠡᠬᠦ ᠢᠲᠡᠭᠡᠯ ᠢ ᠰᠡᠷᠭᠦᠭᠡᠭᠰᠡᠨ ᠦᠢᠯᠡ ᠶᠠᠪᠤᠳᠠᠯ ᠪᠣᠯᠤᠭᠠᠳ ᠵᠣᠭᠰᠣᠬᠤ ᠦᠭᠡᠢ ᠠᠪᠤᠯᠢᠭᠠ ᠦᠭᠡᠢ᠂ ᠢᠯᠡ ᠲᠣᠳᠣ ᠪᠠᠶᠢᠳᠠᠯ ᠊ᠳᠤ ᠥᠭᠭᠦᠭᠰᠡᠨ ᠲᠤᠰ ᠦᠨᠡᠯᠡᠭᠡ ᠨᠢ ᠠᠪᠤᠯᠢᠭᠠ ᠊ᠢᠢᠨ ᠢᠨᠳᠧᠺᠰ ᠢ ᠪᠠᠭᠤᠷᠠᠭᠤᠯᠬᠤ ᠳᠤ ᠴᠤ ᠲᠣᠮᠣ ᠲᠦᠯᠬᠢᠴᠡ ᠪᠣᠯᠬᠤ ᠶᠤᠮ᠃ ᠳᠠᠰᠢᠷᠠᠮ ᠊ᠳᠤ ᠳᠠᠭᠤᠯᠭᠠᠬᠤ ᠊ᠳᠤ 《ᠨᠡᠭᠡᠭᠡᠯᠲᠡ ᠲᠡᠢ ᠵᠠᠰᠠᠭ ᠤᠨ ᠲᠦᠩᠰᠢᠯᠡᠯ》 (OGP) ᠪᠠᠶᠢᠭᠤᠯᠤᠯᠭ᠎ᠠ ᠨᠢ ᠬᠣᠶᠠᠷ ᠲᠡᠷᠪᠤᠮ ᠭᠠᠷᠤᠢ ᠬᠦᠮᠦᠨ ᠠᠮᠠ ᠊ᠢᠢ ᠲᠥᠯᠦᠭᠡᠯᠡᠳᠡᠭ ᠗᠕ ᠤᠯᠤᠰ᠂ 1᠑᠐᠔ ᠣᠷᠣᠨ ᠨᠤᠲᠤᠭ ᠤᠨ ᠵᠠᠰᠠᠭ ᠵᠠᠬᠢᠷᠭ᠎ᠠ᠂ ᠣᠯᠠᠨ ᠮᠢᠩᠭᠠᠨ ᠢᠷᠭᠡᠨ ᠊ᠤ ᠨᠡᠶᠢᠭᠡᠮ ᠤᠨ ᠪᠠᠶᠢᠭᠤᠯᠤᠯᠭ᠎ᠠ ᠨᠤᠭᠤᠳ ᠊ᠢ ᠬᠠᠮᠤᠷᠳᠠᠭ᠃

᠒᠐᠑᠑ ᠣᠨ ᠊ᠳᠤ ᠵᠠᠰᠠᠭ ᠤᠨ ᠭᠠᠵᠠᠷ ᠤᠨ ᠲᠡᠷᠢᠭᠦᠨ ᠨᠦᠭᠦᠳ ᠪᠣᠯᠤᠨ ᠢᠷᠭᠡᠨ ᠊ᠤ ᠨᠡᠶᠢᠭᠡᠮ ᠤᠨ ᠲᠥᠯᠦᠭᠡᠯᠡᠯ ᠤᠳ ᠢᠯᠡ ᠲᠣᠳᠣ᠂ ᠣᠷᠣᠯᠴᠠᠭ᠎ᠠ ᠲᠠᠢ᠂ ᠬᠦᠷᠲᠡᠭᠡᠮᠵᠢ ᠲᠡᠢ᠂ ᠬᠠᠷᠢᠭᠤᠴᠠᠯᠭ᠎ᠠ ᠲᠠᠢ ᠵᠠᠰᠠᠭᠯᠠᠯ ᠢ ᠳᠡᠮᠵᠢᠬᠦ ᠊ᠤᠨ ᠲᠤᠯᠠᠳᠠ ᠡᠨᠡᠬᠦ ᠥᠪᠡᠷᠮᠢᠴᠡ ᠲᠦᠩᠰᠢᠯᠡᠯ ᠢ ᠪᠤᠢ ᠪᠣᠯᠭᠠᠭᠰᠠᠨ ᠶᠤᠮ᠃

ᠨᠡᠶᠢᠲᠡᠯᠡᠭᠰᠡᠨ᠄