ᠦᠨᠳᠦᠰᠦᠨ ᠊ᠤ ᠴᠠᠬᠢᠮ ᠰᠢᠯᠵᠢᠯᠲᠡ ᠊ᠢᠢᠨ ᠰᠲᠷᠠᠲ᠋ᠧᠭᠢ ᠲᠥᠯᠥᠪᠯᠡᠭᠡ ᠪᠣᠯᠪᠠᠰᠤᠷᠠᠭᠤᠯᠬᠤ ᠵᠥᠪᠯᠡᠬᠦ ᠦᠢᠯᠡᠴᠢᠯᠡᠭᠡᠨ ᠊ᠤ ᠲᠠᠶᠢᠯᠠᠩ ᠤᠨ ᠠᠭᠤᠯᠵᠠᠯᠲᠠ ᠪᠣᠯᠤᠯ᠎ᠠ


ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠳᠡᠳ᠋ ᠰᠠᠶᠢᠳ ᠵ ∙ ᠡᠷᠬᠢᠮᠪᠠᠭᠠᠲᠤᠷ ᠪᠦ᠊ ᠨᠠ᠊ ᠰᠣ᠊ ᠤ᠊-ᠤᠨ ᠍ᠺᠡ᠊ ᠲᠡ᠊ ᠺᠣᠷᠫᠣᠷᠠᠼᠢ ᠊ᠢᠢᠨ ᠵᠥᠪᠯᠡᠬᠦ ᠪᠠᠭ ᠤᠨ ᠲᠥᠯᠥᠭᠡᠯᠡᠯ ᠢ ᠥᠨᠥᠳᠥᠷ (᠒᠐᠒᠓.᠐᠗.᠐᠗) ᠬᠦᠯᠢᠶᠡᠨ ᠠᠪᠴᠤ ᠠᠭᠤᠯᠵᠠᠯ᠎ᠠ᠃

ᠲᠤᠰ ᠵᠦᠪᠳᠡᠬᠦ ᠪᠠᠭ ᠨᠢ ᠮᠣᠩᠭᠣᠯ ᠤᠯᠤᠰ ᠤᠨ ᠴᠠᠬᠢᠮ ᠰᠢᠯᠵᠢᠯᠲᠡ ᠊ᠢᠢᠨ ᠥᠨᠥ ᠊ᠢᠢᠨ ᠨᠥᠬᠥᠴᠡᠯ ᠪᠠᠶᠢᠳᠠᠯ ᠢ ᠲᠣᠳᠣᠷᠬᠠᠶᠢᠯᠠᠵᠤ᠂ ᠲᠥᠷᠥ ᠊ᠢᠢᠨ ᠪᠠᠶᠢᠭᠤᠯᠤᠯᠭ᠎ᠠ ᠨᠤᠭᠤᠳ ᠤᠨ ᠤᠶᠠᠯᠳᠤᠭ᠎ᠠ ᠬᠣᠯᠪᠣᠭ᠎ᠠ᠂ ᠮᠡᠳᠡᠭᠡᠯᠡᠯ ᠤᠨ ᠲᠧᠭᠨᠣᠯᠣᠭᠢ ᠊ᠢᠢᠨ ᠪᠣᠳᠣᠯᠭ᠎ᠠ ᠪᠣᠯᠪᠠᠰᠤᠷᠠᠭᠤᠯᠬᠤ ᠪᠦᠲᠦᠴᠡ ᠊ᠢᠢᠨ ᠲᠠᠯ᠎ᠠ ᠪᠠᠷ ᠰᠤᠳᠤᠯᠭ᠎ᠠ ᠬᠢᠭᠰᠡᠨ ᠪᠥᠭᠡᠳ ᠰᠤᠳᠤᠯᠭᠠᠨ ᠊ᠤ ᠦᠷ ᠎ᠡ ᠳᠦᠩᠭᠡ ᠪᠡᠨ ᠼᠠ᠊ ᠬᠥ᠊ ᠬᠠ᠊ ᠬᠣ᠊ ᠎ᠶᠠ᠊-᠊ᠤ ᠬᠠᠮᠲᠤ ᠣᠯᠣᠨ ᠊ᠳᠤ ᠲᠠᠨᠢᠯᠴᠠᠭᠤᠯᠤᠯ᠎ᠠ᠃

ᠰᠤᠳᠤᠯᠭᠠᠨ ᠊ᠤ ᠬᠦᠷᠢᠶᠡᠨ ᠊ᠳᠦ ᠴᠠᠬᠢᠮ ᠰᠢᠯᠵᠢᠯᠲᠡ ᠊ᠢᠢᠨ ᠢᠷᠡᠭᠡᠳᠦᠢ ᠊ᠢᠢᠨ ᠵᠢᠷᠤᠭᠯᠠᠯ᠂ ᠦᠨᠳᠦᠰᠦᠨ ᠊ᠤ ᠴᠠᠬᠢᠮ ᠰᠢᠯᠵᠢᠯᠲᠡ ᠊ᠢᠢᠨ ᠲᠡᠷᠢᠭᠦᠯᠡᠬᠦ ᠴᠢᠭᠯᠡᠯ᠂ ᠡᠺᠣ ᠰᠢᠰᠲ᠋ᠧᠮ ᠤᠨ ᠬᠥᠭᠵᠢᠯ ᠤᠨ ᠲᠠᠯ᠎ᠠ ᠪᠠᠷ ᠲᠠᠨᠢᠯᠴᠠᠭᠤᠯᠵᠤ᠂ ᠲᠠᠯ᠎ᠠ ᠨᠤᠭᠤᠳ ᠮᠡᠳᠡᠭᠡᠯᠡᠯ ᠤᠨ ᠲᠧᠭᠨᠣᠯᠣᠭᠢ ᠊ᠢᠢᠨ ᠰᠠᠯᠪᠤᠷᠢ ᠨᠢ ᠮᠣᠩᠭᠣᠯ ᠤᠯᠤᠰ ᠤᠨ ᠡᠳ᠋ ᠍᠊ᠢᠢᠨ ᠵᠠᠰᠠᠭ ᠤᠨ ᠲᠡᠷᠢᠭᠦᠯᠡᠬᠦ ᠰᠠᠯᠪᠤᠷᠢ ᠪᠣᠯᠬᠤ ᠪᠣᠯᠤᠮᠵᠢ ᠲᠠᠢ ᠪᠥᠭᠡᠳ ᠪᠤᠰᠤᠳ ᠤᠯᠠᠮᠵᠢᠯᠠᠯᠲᠤ ᠰᠠᠯᠪᠠᠷ ᠤᠳ ᠤᠨ ᠢᠷᠡᠭᠡᠳᠦᠢ ᠊ᠢᠢᠨ ᠭᠣᠣᠯ ᠬᠥᠳᠡᠯᠭᠡᠭᠴᠢ ᠬᠦᠴᠦ ᠪᠣᠯᠬᠤ ᠶᠢ ᠣᠨᠴᠠᠯᠠᠪᠠ᠃

ᠡᠨᠡᠬᠦ ᠰᠤᠳᠤᠯᠭ᠎ᠠ ᠨᠢ ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠊ᠤ ᠶᠠᠮᠤ ᠪᠣᠯᠤᠨ ᠪᠦ᠊ ᠨᠠ᠊ ᠰᠣ᠊ ᠤ᠊-ᠤᠨ ᠺᠡ᠊ ᠲᠡ᠊ ᠺᠣᠷᠫᠣᠷᠠᠼᠢ ᠬᠣᠭᠣᠷᠣᠨᠳᠣ ᠒᠐᠒᠓ ᠣᠨ ᠊ᠤ ᠐᠑ ᠳᠦᠭᠡᠷ ᠰᠠᠷ᠎ᠠ ᠊ᠢᠢᠨ ᠒᠖ ᠍ ᠊ᠤ ᠡᠳᠦᠷ ᠪᠠᠶᠢᠭᠤᠯᠤᠭᠰᠠᠨ ᠴᠠᠬᠢᠮ ᠰᠢᠯᠵᠢᠯᠲᠡ᠂ ᠴᠠᠬᠢᠮ ᠵᠠᠰᠠᠭᠯᠠᠯ ᠤᠨ ᠴᠢᠭᠯᠡᠯ ᠊ᠢᠢᠡᠷ ᠬᠠᠮᠲᠤᠷᠠᠨ ᠠᠵᠢᠯᠯᠠᠬᠤ ᠬᠠᠷᠢᠯᠴᠠᠨ ᠣᠶᠢᠯᠠᠭᠠᠯᠴᠠᠯ ᠤᠨ ᠰᠠᠨᠠᠮᠵᠢ ᠪᠢᠴᠢᠭ ᠤᠨ ᠬᠦᠷᠢᠶᠡᠨ ᠊ᠳᠦ ᠬᠢᠭᠳᠡᠵᠦ ᠪᠠᠶᠢᠭ᠎ᠠ ᠶᠤᠮ᠃

ᠨᠡᠶᠢᠲᠡᠯᠡᠭᠰᠡᠨ᠄